ᠡᠬᠡ ᠳᠡᠯᠡᠬᠡᠢ ᠪᠦᠪᠡᠢ - ᠲ ᠂ ᠭᠣᠮᠪᠣᠵᠠᠪ Эх дэлхий бүүвэй -- Т ᠂ Гомбожав
ᠡᠬᠡ ᠳᠡᠯᠡᠬᠡᠢ ᠪᠦᠪᠡᠢ
ᠲ᠂ ᠭᠣᠮᠪᠣᠵᠠᠪ
[ ᠮᠢᠨᠦ ᠬᠦᠦ ᠶ᠋ᠢᠨ ᠤᠨᠠᠵᠤ ᠥᠰᠦᠭᠰᠡᠨ ᠳᠡᠯᠡᠬᠡᠢ ᠭᠡᠳ
ᠮᠢᠨᠦ ᠡᠵᠢ ᠳᠠᠭᠤᠤ ᠳ᠋ᠠᠭᠠᠨ ᠡᠬᠡ ᠳᠡᠯᠡᠬᠡᠢ ᠶ᠋ᠢ ᠪᠠᠭᠲᠠᠭᠠᠨ᠎ᠠ
ᠪᠦᠪᠡᠢ ᠪᠦᠪᠡᠢ
ᠡᠬᠡ ᠳᠡᠯᠡᠬᠡᠢ ᠪᠦᠪᠡᠢ ᠁
— ᠮᠣᠩᠭᠣᠯ ᠤᠯᠤᠰ ᠤᠨ ᠳᠠᠭᠤᠤ]
ᠳᠠᠭᠠᠳᠬᠠᠯ
ᠢᠷᠡᠭᠡ ᠦᠭᠡᠢ ᠳᠠᠭᠳᠠᠭ᠎ᠠ ᠨᠤᠭᠤᠳ ᠢᠶᠠᠨ
ᠢᠪᠢᠯᠦᠨ ᠬᠦᠯᠢᠶᠡᠬᠦ᠂ ᠵᠢᠵᠢᠭ᠌ ᠴᠠᠭᠠᠨ ᠡᠭᠦᠷ ᠤᠳ ᠤᠷᠤᠭᠤ
ᠢᠳᠡᠯᠡᠨ ᠰᠢᠲᠡᠬᠦ ᠴᠢᠯᠠᠭᠤᠳ ᠨᠢ
ᠢᠰᠭᠡᠷᠴᠦ ᠶᠠᠪᠤᠬᠤ ᠵᠠᠮ ᠳ᠋ᠠᠭᠠᠨ
ᠰᠢᠲᠡᠵᠦ ᠳᠠᠭᠤᠰᠬᠤ ᠯᠠ ᠪᠣᠯᠣᠭᠠᠰᠠᠢ ᠡ!
ᠪᠥᠮᠪᠥᠷᠴᠡᠭ ᠦᠨ ᠮᠢᠨᠢ ᠵᠢᠷᠦᠮᠰᠦᠯᠡᠵᠦ ᠶᠠᠪᠤᠭ᠎ᠠ ᠢᠷᠡᠭᠡᠳᠦᠢ
ᠪᠦᠷ ᠯᠠ ᠬᠠᠲᠠᠵᠤ ᠵᠠᠪᠳᠤᠭ᠎ᠠ ᠦᠭᠡᠢ ᠨᠣᠢᠲᠠᠨ ᠬᠦᠰᠡᠯ
ᠪᠠᠯᠴᠢᠷ ᠵᠢᠭᠠᠯ ᠬᠡᠦᠬᠡᠳ ᠤᠳ ᠮᠢᠨᠢ
ᠡᠬᠡ ᠭᠠᠵᠠᠷ ᠤᠨ ᠢᠶᠠᠨ
ᠡᠯᠢᠭᠡ ᠪᠦᠲᠦᠨ ᠵᠡᠭᠦᠳᠦᠨ ᠳᠡᠭᠡᠷ᠎ᠡ
ᠬᠠᠷ᠎ᠠ ᠳᠠᠢᠰᠦᠨ ᠪᠣᠯᠣᠯᠴᠠᠨ
ᠬᠠᠷᠪᠤᠯᠴᠠᠵᠤ
ᠫᠣᠤᠳᠠᠯᠴᠠᠵᠤ ᠨᠠᠭᠠᠳᠤᠨ᠎ᠠ ᠪᠢᠯᠡ
ᠰᠠᠩᠷᠢᠰ ᠤᠨ ᠠᠯᠲᠠᠨ ᠵᠢᠮᠢᠰ ᠢᠯᠵᠠᠷᠠᠨ ᠠᠷᠢᠯᠵᠤ
ᠵᠤᠯ ᠢᠶᠠᠷ ᠦᠨᠡᠨ ᠪᠢᠰᠢ ᠬᠠᠭᠤᠷᠮᠠᠭ
ᠵᠢᠭᠠᠯ ᠬᠡᠦᠬᠡᠳ ᠤᠨ ᠭᠠᠷ ᠲᠡᠬᠢ ᠫᠤᠤ
ᠥᠨᠢ ᠡᠭᠦᠷᠢᠳᠡ ᠴᠠᠬᠢᠰᠤᠨ ᠳᠤᠤᠭᠠᠷᠬᠤ ᠪᠠᠨ ᠮᠠᠷᠲᠠᠭᠠᠰᠠᠢ ᠡ!
ᠬᠥᠭᠵᠢᠮ ᠦᠨ ᠠᠩᠬᠢ
ᠴᠡᠷᠢᠭ ᠠᠩᠬᠢ ᠪᠣᠯ ᠬᠥᠭᠵᠢᠮ ᠦ᠋ᠨ ᠠᠩᠬᠢ ᠮᠥᠨ!
ᠡᠨᠡ ᠪᠣᠯ ᠨᠢᠭᠡᠨ ᠵᠣᠷᠪᠤᠰ
ᠡᠬᠡ ᠶ᠋ᠢᠨ ᠬᠡᠪᠡᠯᠢ ᠪᠠᠨ ᠣᠯᠵᠣ᠌ ᠴᠢᠳᠠᠭᠠᠳᠤᠢ
ᠦᠨᠡᠨ ᠶᠤᠰᠤ ᠶᠤᠮ
ᠠᠯᠢᠶᠠᠬᠠᠨ ᠦᠰᠦᠷᠬᠦ ᠳᠣᠪᠴᠢᠨ ᠵᠢᠷᠦᠬᠡ ᠤᠷᠤᠭᠤ
ᠠᠨᠢᠪᠴᠠᠯ ᠦᠭᠡᠢ ᠰᠢᠷᠲᠡᠬᠦ
ᠥᠷᠥᠭᠡᠰᠦᠨ ᠬᠠᠷ᠎ᠠ ᠨᠢᠳᠦ ᠨᠤᠭᠦᠳ ᠰᠣᠬᠣᠷᠠᠵᠤ
ᠰᠤᠬᠠᠢ ᠤᠯᠠᠭᠠᠨ ᠴᠢᠰᠤ ᠠᠰᠬᠠᠵᠤ ᠶᠠᠪᠤᠬᠤ
ᠰᠤᠮᠤ ᠨᠣᠭᠣᠳ
ᠳᠡᠯᠪᠡᠷᠡᠵᠦ ᠠᠮᠵᠢᠯ ᠦᠭᠡᠢ ᠪᠠᠷ
ᠳᠠᠷᠢ ᠨᠢ ᠭᠣᠭᠣᠵᠢᠵᠤ ᠬᠤᠭᠤᠰᠤᠷᠠᠨ᠎ᠠ
ᠲᠡᠭᠡᠭᠡᠳ ᠂ ᠲᠡᠳᠡᠭᠡᠷ
ᠲᠣᠭᠠᠭᠦᠢ ᠣᠯᠠᠨ ᠲᠦᠷᠦ ᠶ᠋ᠢᠨ ᠰᠦᠯᠳᠡ ᠶ᠋ᠢ ᠴᠣᠭᠣᠴᠢᠵᠤ
ᠲᠣᠭᠠᠭᠦᠢ ᠣᠯᠠᠨ ᠡᠬᠡ ᠶ᠋ᠢᠨ ᠰᠡᠳᠬᠢᠯ ᠢ ᠥᠨᠥᠴᠢᠷᠡᠭᠦᠯᠵᠦ
ᠲᠣᠯᠣᠭᠠᠢ ᠶ᠋ᠢᠨ ᠪᠠᠶ᠋ᠢᠷᠢ ᠶ᠋ᠢ
ᠡᠷᠭᠦᠵᠦ ᠳᠠᠷᠤᠵᠤ ᠁ ᠶᠠᠪᠤᠭᠰᠠᠨ
ᠲᠡᠮᠦᠷ
ᠲᠡᠦᠬᠡ ᠶ᠋ᠢᠨ ᠴᠣ᠋ ᠰᠢᠨ᠎ᠡ ᠬᠥᠭᠵᠢᠮ ᠪᠣᠯᠣᠨ᠎ᠠ
ᠲᠡᠭᠦᠨ ᠡᠴᠡ ᠬᠠᠩᠭᠢᠨᠠᠬᠤ ᠨᠢ
ᠲᠡᠭᠦᠰ ᠴᠢᠲᠠᠪᠬᠢᠯᠢᠬ᠂ ᠨᠠᠢ᠍ᠮᠠᠲᠡᠬᠢ ᠨᠤᠲ ᠤᠨ ᠠᠶᠠᠯᠭᠤ ᠶᠤᠮ
ᠲᠥᠷᠥᠭᠡᠳᠦᠢ ᠡᠨᠡ ᠠᠶᠠᠯᠭᠤ ᠶ᠋ᠢᠨ
ᠲᠦᠷᠦᠭᠦᠴᠢ ᠬᠠᠩᠭᠢᠨᠠᠯ ᠦ᠋ᠨ ᠥᠷᠲᠡᠭ ᠨᠢ
ᠬᠦᠮᠦᠨ ᠪᠦᠬᠦᠨ ᠵᠢᠷᠦᠬᠡᠨ ᠳ᠋ᠡᠭᠡᠨ
ᠪᠥᠮᠪᠥᠷᠴᠡᠭ ᠶ᠋ᠢᠡᠨ ᠥᠯᠥᠭᠡᠶ᠋ᠢᠲᠡᠬᠦ ᠤᠴᠢᠷ ᠲᠠᠢ ᠪᠢᠯᠡ !
ᠬᠠᠪᠴᠢᠭᠤᠯᠤᠯ ᠶᠠᠷᠢᠶ᠎ᠠ
— ᠴᠥᠮ᠎ᠡ ᠶ᠋ᠢᠨ ᠵᠡᠪᠰᠡᠭ ᠬᠠᠰᠤᠬᠤ ᠬᠡᠯᠡᠯᠴᠡᠭᠡᠷ
ᠳᠡᠭᠡᠷᠡᠬᠢ ᠯᠢᠭᠸᠡ ᠭᠸᠷᠪᠠᠴᠢᠶᠤᠤᠹ ᠲᠤ᠌
1
ᠬᠥᠯ ᠦᠨ ᠴᠢᠨᠢ ᠡᠮᠦᠨ᠎ᠡ
ᠬᠥᠭᠥᠷᠭᠡ ᠴᠦ᠍ ᠦᠭᠡᠢ ᠂ ᠭᠤᠤᠯ ᠴᠦ᠍ ᠦᠭᠡᠢ ᠡ !
ᠬᠡᠤᠬᠡᠳ ᠤᠨ ᠨᠠᠭᠠᠳᠳᠠᠭ ᠤᠯᠠᠭᠠᠨ ᠨᠤᠭᠤᠭᠠᠨ ᠪᠢᠷ ᠦᠨ
ᠬᠥᠨᠳᠡᠯᠡᠨ ᠭᠣᠣᠯᠲᠤ ᠵᠢᠷᠤᠭᠠᠰᠤ ᠯᠡ ᠰᠣᠯᠣᠩᠭ᠎ᠠ ᠲᠠᠲᠠᠨ᠎ᠠ
ᠲᠠ ᠬᠣᠶᠠᠭᠤᠯᠠ ᠶ᠋ᠢ ᠬᠦᠯᠢᠶᠡᠵᠦ
ᠲᠠᠯᠠᠪᠠᠢ ᠳ᠋ᠤ᠌ ᠴᠤᠭᠯᠠᠷᠠᠭᠰᠠᠨ ᠬᠥᠮᠦᠰ ᠦᠨ ᠭᠠᠷ
ᠲᠠᠰᠢᠬᠤ ᠠ᠋ᠴᠠ ᠪᠠᠨ ᠡᠮᠦᠨ᠎ᠡ ᠪᠡᠭᠡᠷᠡᠴᠢᠭᠡᠳ ᠂ ᠬᠠᠨᠴᠤᠢ ᠳ᠋ᠠᠭᠠᠨ ᠰᠢᠷᠭᠤᠨ᠎ᠠ
ᠲᠠᠭᠲᠠᠭᠠᠨ ᠨᠢᠳᠦᠨ ᠡᠴᠡ ᠴᠤᠬᠤᠯᠵᠠᠬᠤ ᠠᠯᠳᠠᠭᠰᠠᠨ
ᠲᠠᠯᠠᠷᠬᠠᠯ
ᠲᠠᠯ᠎ᠠ ᠳ᠋ᠤ᠌ ᠬᠠᠶᠠᠭᠳᠠᠭᠰᠠᠨ ᠬᠠᠷᠠᠮᠰᠠᠯ ᠰᠢᠭ᠋ ᠤᠬᠤᠷᠬᠠᠢ ᠳ᠋ᠠᠭᠠᠨ ᠪᠤᠴᠠᠨ᠎ᠠ ᠠ᠋
ᠪᠡᠶ᠎ᠡ ᠪᠡᠨ ᠬᠦᠷᠢᠶᠡᠯᠡᠭᠦᠯᠵᠦ ᠵᠢᠷᠤᠭᠰᠠᠨ
ᠪᠢᠴᠢᠬᠠᠨ ᠴᠠᠭᠠᠷᠢᠭ ᠴᠢᠨᠢ
ᠶᠠᠭᠠᠬᠢᠬᠤ ᠳ᠋ᠠᠭᠠᠨ ᠲᠡᠳᠦᠢ ᠪᠡᠬᠢ ᠪᠢᠯᠡ ?
ᠠᠳᠬᠤᠨ ᠳ᠋ᠠᠭᠠᠨ
ᠠᠶᠤᠩᠭ᠎ᠠ ᠂ ᠴᠠᠬᠢᠯᠭᠠᠨ ᠂ ᠠᠲ᠋ᠣᠮ ᠢ ᠪᠠᠵᠠᠵᠤ ᠶᠠᠪᠤᠭ᠎ᠠ
ᠲᠠ ᠬᠤᠶᠠᠷ ᠤᠨ
ᠦᠵᠡᠯ ᠰᠠᠨᠠᠭᠠᠨ ᠤ ᠴᠢᠨᠢ ᠰᠤᠮᠤᠨ ᠤᠯᠠᠭᠠᠨ ᠦᠵᠦᠭᠦᠷ
ᠨᠢᠮ ᠨᠢᠮᠬᠡᠬᠡᠨ ᠴᠠᠭᠠᠰᠤ ᠶ᠋ᠢ
ᠴᠣᠭᠣᠯᠵᠤ ᠴᠢᠳᠠᠳᠠᠭ ᠦᠭᠡᠢ ᠨᠢ ᠬᠥᠭᠡᠷᠦᠬᠦᠢ ᠡ !
2
ᠬᠦᠰᠡᠷ᠎ᠡ ᠶ᠋ᠢᠨ ᠴᠢᠨᠢ ᠳᠡᠭᠡᠷᠡᠬᠢ
ᠬᠦᠷᠡᠩ ᠤᠯᠠᠭᠠᠨ ᠬᠡᠪᠢᠰ ᠪᠣᠯ
ᠬᠥᠭᠰᠢᠨ ᠬᠠᠲᠤᠨ ᠪᠠ ᠬᠥᠭᠡᠷᠦᠬᠦᠨ ᠬᠣᠩᠭᠣᠷ ᠬᠡᠤᠬᠡᠳ ᠤᠨ ᠴᠢᠨᠢ
ᠬᠦᠯᠢᠶᠡᠯ ᠪᠠ ᠡᠷᠡᠮᠡᠯᠵᠡᠯ ᠶᠤᠮ
ᠦᠨᠡᠰᠦ ᠠᠰᠬᠠᠬᠤ ᠶ᠋ᠢ ᠯᠠ ᠬᠢᠴᠢᠶᠡᠭᠡᠷᠡᠢ ᠁
3
ᠬᠥᠪ ᠬᠥᠩᠭᠡᠬᠡᠨ ᠠᠯᠬᠤᠬᠤ ᠳ᠋ᠤ᠌ ᠮᠢᠨᠢ ᠴᠦ᠍
ᠬᠥᠮᠦᠨ ᠦ ᠣᠷᠴᠢᠯᠠᠩ ᠬᠣᠲᠣᠯᠵᠠᠨᠠ ᠭᠡᠵᠦ ᠪᠣᠳᠣᠳᠠᠭ ᠶᠤᠮ ᠪᠣᠯ
ᠬᠤᠷᠤ᠎ᠠ ᠪᠠᠭᠲᠠᠬᠤ ᠥᠬᠡᠢ ᠡᠨᠳᠡᠭᠦᠷᠡᠯ ᠪᠢᠯᠡ
ᠬᠥᠮᠦᠨ ᠲᠥᠷᠥᠯᠬᠢᠲᠡᠨ ᠦ ᠮᠢᠨᠢ
ᠬᠥᠨᠳᠡᠵᠦ ᠪᠣᠯᠤᠮ᠎ᠠ ᠥᠬᠡᠢ ᠠᠷᠢᠭᠤᠨ ᠠᠯᠠᠭ᠎ᠠ
ᠲᠡᠷᠡ ᠪᠣᠯ ᠲᠠ ᠬᠣᠶᠠᠷ ᠤᠨ
ᠵᠥᠪ ᠲᠣᠭᠯᠠᠯᠲᠠ ᠶ᠋ᠢ ᠬᠦᠰᠡᠭᠰᠡᠨ
ᠵᠦᠴᠦᠭᠡ ᠶ᠋ᠢᠨ ᠲᠣᠮᠣ ᠲᠠᠯᠠᠪᠤᠷ ᠶᠤᠮ ᠡ
4
ᠥᠴᠥᠭᠡᠳᠦᠷ ᠦᠨ ᠲᠥᠯᠥᠭᠡ
ᠭᠠᠪᠢᠶ᠎ᠠ ᠪᠠᠶ᠋ᠢᠭᠤᠯᠬᠤ ᠪᠣᠯ ᠠᠭᠤᠴᠢᠯᠠᠰᠢ ᠦᠭᠡᠢ ᠶᠠᠯ᠎ᠠ ᠪᠢᠯᠡ
ᠢᠷᠡᠭᠡᠳᠦᠢ ᠶ᠋ᠢᠨ ᠲᠥᠯᠥᠭᠡ
ᠶᠠᠯ᠎ᠠ ᠳ᠋ᠤ᠌ ᠤᠨᠠᠬᠤ ᠪᠣᠯ ᠬᠡᠮᠵᠢᠶᠡᠯᠡᠰᠢ ᠥᠬᠡᠢ ᠭᠠᠪᠢᠷ᠎ᠠ ᠪᠢᠯᠡ
ᠥᠨᠥᠳᠥᠷ ᠪᠣᠯ
ᠠᠯᠳᠠᠵᠤ ᠡᠰᠡ ᠪᠣᠯᠬᠤ ᠵᠠᠪᠰᠢᠶᠠᠨ ᠶᠤᠮ
ᠲᠡᠶ᠋ᠢᠮᠦ ᠪᠢᠰᠢ ᠦᠦ ?!
ᠪᠠᠴᠢᠮ ᠳᠣᠬᠢᠶ᠎ᠠ
ᠬᠣᠶᠠᠷ ᠴᠠᠭ ᠦ᠋ᠨ ᠳᠠᠷᠠᠬ᠋᠎ᠠ
ᠳᠡᠯᠡᠬᠡᠢ ᠶ᠋ᠢᠨ ᠪᠥᠮᠪᠥᠷᠴᠡᠭ ᠡᠷᠭᠢᠬᠦ ᠪᠡᠨ ᠵᠣᠭᠰᠣᠨ᠎ᠠ
ᠠᠭᠤᠯᠠᠰ ᠂ ᠵᠣᠭᠰᠣᠬ᠋ᠠ ᠬᠡᠪ ᠶ᠋ᠢᠡᠷ ᠶ᠋ᠢᠡᠨ ᠦᠬᠦᠵᠦ
ᠣᠯᠠᠨ ᠮᠢᠩᠭᠠᠨ ᠵᠢᠯ ᠦ᠋ᠨ
ᠣᠢ ᠲᠠᠶ᠋ᠢᠬ᠋ᠠ ᠰᠢᠭ᠋ ᠪᠣᠯᠪᠠᠰᠤᠨ ᠨᠢᠭᠡᠬᠡᠨ ᠬᠣᠷᠣᠮ ᠶ᠋ᠢᠠᠷ ᠰᠥᠨᠥᠨ᠎ᠡ ᠁
ᠦᠢ ᠳ᠋ᠦ᠋ᠩᠰᠢᠭᠤᠷ ᠦᠷᠡᠰ ᠤᠨ ᠢᠶ᠋ᠠᠨ
ᠤᠶ᠋ᠢᠳᠬᠠᠷᠲᠤ ᠴᠢᠨᠲᠠᠷ ᠢ ᠲᠡᠪᠡᠷᠢᠭᠰᠡᠨ
ᠮᠥᠰᠥ ᠰᠢᠭ᠌ ᠬᠥᠢᠪ ᠬᠦᠢᠲᠡᠨ
ᠠᠰᠢᠲᠠ ᠶ᠋ᠢᠨ ᠨᠢᠭᠡ ᠣᠲᠣᠨ
ᠮᠥᠷᠦᠭᠡᠰᠦᠯ ᠦᠭᠡᠢ ᠬᠠᠷᠪᠤᠵᠤ ᠤᠨᠠᠨ᠎ᠠ ᠠ᠋
ᠡᠨᠡ ᠪᠣᠯ ᠲᠤᠯᠵᠤ ᠢᠷᠡᠭᠡ ᠦᠭᠡᠢ ᠵᠣᠯ ᠪᠤᠰᠤ ᠶᠤᠮ
ᠡᠨᠡ ᠵᠤᠯ ᠪᠤᠰᠤ ᠤᠷᠤᠭᠤ
ᠡᠬᠡ ᠳᠡᠯᠡᠬᠡᠢ ᠶ᠋ᠢ ᠮᠢᠨᠢ ᠴᠢᠷᠴᠦ ᠶᠠᠪᠤᠭ᠎ᠠ
ᠴᠠᠭ ᠦ᠋ᠨ ᠲᠣᠮᠣ ᠵᠡᠭᠦᠲᠦ ᠶ᠋ᠢᠨ ᠦᠵᠦᠭᠦᠷ ᠊ᠢ
ᠴᠠᠰᠢ ᠨᠢ ᠠᠬᠢᠵᠤ ᠴᠢᠲᠠᠬᠤ ᠦᠭᠡᠢ ᠪᠣᠯᠲᠠᠯ᠎ᠠ
ᠲᠠᠪᠢᠨ ᠳ᠋ᠦ᠋ᠩᠰᠢᠭᠤᠷ ᠬᠠᠯᠠᠭᠤᠨ ᠠᠮᠢ ᠪᠠᠨ
ᠲᠠᠰᠤ ᠵᠠᠩᠭᠢᠲᠤᠭᠠᠳ —
ᠪᠤᠴᠠᠨ ᠳᠠᠪᠬᠢᠵᠤ
ᠪᠣᠯᠪᠠᠰᠤᠨ ᠪ ᠠᠪᠤᠷᠭᠤ ᠤᠬᠤᠷᠢᠯᠲᠠ ᠬᠢᠰᠦᠭᠡᠢ ᠡ !
1988 ᠂12
ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌
< ᠢᠷᠡᠬᠦ ᠵᠠᠭᠤᠨ ᠤ ᠬᠣᠩᠬᠣᠨ ᠳᠠᠭᠤᠨ > ᠡᠴᠡ ᠬᠠᠭᠤᠯᠪᠠ᠃
ᠠᠮᠢᠯᠠᠭᠤᠯᠤᠨ ᠬᠠᠭᠤᠯᠤᠭᠰᠠᠨ ᠨᠢ ᠄ ᠴᠣᠭᠵᠢᠷᠭᠠᠯ ᠂ ᠴᠣᠯᠮᠣᠨᠲᠦᠶᠠᠭ᠎ᠠ
ᠬᠢᠨᠠᠭᠴᠢ ᠄ ᠴᠤᠯᠮᠤᠨᠲᠤᠶᠠᠭ᠎ᠠ
