3-08ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠠᠮᠠᠨ ᠡᠪᠡᠳᠴᠢᠨ
ᠠᠮᠠᠨ ᠡᠪᠡᠳᠴᠢᠨ
ᠭᠠᠮ ᠬᠡᠮᠡᠬᠦ ᠬᠡᠯᠡ ᠤᠷᠤᠭᠤᠯ ᠬᠠᠪᠤᠳᠬᠤ ᠳ᠋ᠤ᠌ ᠬᠥᠬᠡ ᠳᠠᠪᠤᠰᠤ ᠂ ᠠᠷᠤᠷ᠎ᠠ ᠶ᠋ᠢ ᠨᠠᠷᠢᠨ ᠲᠠᠯᠬᠠᠳᠠᠵᠤ ᠠᠮᠠᠨ ᠳ᠋ᠤᠷ ᠡᠮᠬᠦᠭᠦᠯ ᠃
ᠥᠪᠡᠷ ᠦ᠋ᠨ ᠰᠢᠯᠦᠰᠦ ᠪᠡᠷ ᠨᠢ ᠵᠠᠶ᠋ᠢᠯᠤᠭᠠᠳ ᠤᠷᠤᠭᠤᠯ ᠳ᠋ᠤᠨᠢ ᠰᠦᠷᠴᠢᠪᠡᠯ ᠨᠢᠭᠡ ᠡᠳᠦᠷ ᠲᠦ᠍ ᠡᠳᠡᠭᠡᠷᠡᠬᠦ ᠢᠨᠤ ᠰᠡᠵᠢᠭ ᠦᠭᠡᠢ ᠪᠣᠯᠠᠢ ᠃ ᠤᠤᠭᠤᠬᠤ ᠡᠮ ᠄ ᠭᠠᠷᠤᠳᠢ —5 ᠤ᠋ ᠳᠡᠭᠡᠷ᠎ᠡ ᠠᠯᠲᠠᠨ ᠷᠢᠯᠦ ᠶ᠋ᠢ ᠨᠡᠮᠡᠵᠦ ᠦᠭᠪᠡᠰᠦ ᠰᠠᠢᠨ ᠃
ᠤᠷᠤᠭᠤᠯ ᠳ᠋ᠤᠷ ᠭᠦᠪᠳᠦᠷᠦᠦ ᠭᠠᠷᠴᠤ ᠠᠷᠠᠰᠤ ᠰᠢᠪᠲᠤᠷᠪᠠᠰᠤ ᠴᠢᠨᠣ᠎ᠠ ᠶ᠋ᠢᠨ ᠬᠡᠯᠡ ᠶ᠋ᠢ ᠤᠰᠤᠨ ᠳ᠋ᠤ᠌ ᠳᠡᠪᠲᠦᠭᠡᠵᠦ ᠨᠠᠭ᠎ᠠ ᠃ ᠬᠠᠷ᠎ᠠ ᠴᠠᠭᠠᠰᠤ ᠶ᠋ᠢ ᠨᠠᠭᠠᠯᠳᠤᠭᠤᠯ ᠃ ᠤᠤᠭᠤᠬᠤ ᠡᠮ ᠄ ᠭᠠᠷᠤᠳᠢ — 5 ᠤ᠋ ᠳᠡᠭᠡᠷ᠎ᠡ ᠴᠢᠨᠣ᠎ᠠ ᠶ᠋ᠢᠨ ᠬᠡᠯᠡ ᠶ᠋ᠢ ᠨᠡᠮᠡᠵᠦ ᠰᠢᠲᠦᠭᠦᠯ ᠃ ᠲᠡᠭᠦᠨ ᠢ᠋ᠶ᠋ᠡᠷ ᠡᠰᠡ ᠲᠤᠰᠠᠯᠠᠪᠠᠰᠤ ᠴᠠᠭᠠᠨ ᠪᠠᠶ᠋ᠢᠪᠠᠩ ᠊ᠢ ᠭᠠᠯ ᠳ᠋ᠤᠷ ᠪᠤᠴᠠᠯᠭᠠᠭᠰᠠᠨ ᠳᠣᠲᠣᠷ᠎ᠠ ᠨᠢᠭᠡ ᠪᠦᠬᠦᠯᠢ ᠳ᠋ᠠᠨᠷᠤᠬ ᠤ᠋ᠨ ᠬᠠᠯᠢᠰᠤ ᠶ᠋ᠢ ᠬᠠᠭᠤᠯᠵᠤ ᠨᠠᠶ᠋ᠢᠯᠡᠭᠦᠯᠦᠨ ᠪᠤᠴᠠᠯᠭᠠᠭᠠᠳ ᠬᠡᠮᠬᠡᠴᠢᠨ ᠬᠠᠲᠠᠭᠠᠵᠤ ᠬᠠᠭᠤᠷᠠᠢ ᠪᠠᠷ ᠲᠠᠯᠪᠢᠪᠠᠯ ᠮᠠᠭᠠᠳ ᠲᠤᠰᠠᠯᠠᠬᠤ ᠶ᠋ᠢ ᠦᠵᠡᠪᠡᠢ ᠃
ᠦᠰᠦᠭ ᠠᠮᠢᠯᠠᠭᠤᠯᠤᠭᠰᠠᠨ ᠨᠢ ᠄ ᠦᠯᠵᠡᠶ᠋ᠢᠪᠠᠭᠠᠲᠤᠷ
ᠬᠢᠨᠠᠭᠰᠠᠨ ᠨᠢ ᠄ ᠣᠤᠠᠬᠠᠨᠰᠤ᠎ᠡ
