ᠵᠠᠩᠭᠠᠷ ᠦᠨ ᠣᠷᠣᠰᠢᠯ ᠪᠦᠯᠦᠭ ᠤᠨ ᠠᠷᠪᠠᠨ ᠳᠥᠷᠪᠡᠳᠦᠭᠡᠷ ᠬᠡᠰᠡᠭᠯᠡᠯ-ᠲᠣᠭᠰᠢᠨ ᠲᠠᠬᠢᠯ ᠠᠯᠳᠠᠨ ᠠᠷᠠᠭ᠎ᠠ ᠪᠠᠭᠠᠲᠤᠷЖангарын оршил бөлгийн арван дөрөвдүгээр хэсэглэл-догшин тахил алтан араа баатар
ᠲᠣᠭᠰᠢᠨ ᠲᠠᠬᠢᠯ ᠠᠯᠳᠠᠨ ᠠᠷᠠᠭ᠎ᠠ ᠪᠠᠭᠠᠲᠤᠷ
ᠠᠯᠳᠠᠷ ᠨᠣᠶᠠᠨ ᠪᠣᠭᠳᠠ ᠵᠠᠩᠭᠠᠷ ᠤᠨ᠂
ᠠᠷᠪᠠᠨ ᠬᠣᠶᠠᠷ ᠪᠠᠭᠠᠲᠤᠷ ᠤᠨ ᠨᠢᠭᠡ ᠨᠢ᠂
ᠲᠣᠭᠰᠢᠨ ᠲᠠᠬᠢᠯ ᠠᠯᠳᠠᠨ ᠠᠷᠠᠭ᠎ᠠ ᠶᠢ᠂
ᠡᠨᠳᠡ ᠰᠠᠭᠤᠭᠰᠠᠨ ᠲᠠᠨᠠᠷ ᠲᠠᠭᠠᠨ᠂
ᠬᠡᠯᠡᠭᠡᠳ ᠢᠷᠡᠳᠡᠭ ᠪᠣᠯᠬᠤᠯ᠎ᠠ᠂
ᠬᠤᠷᠮᠤᠰᠳᠠ ᠲᠡᠭᠷᠢ ᠡᠴᠡ ᠪᠠᠭᠤᠯᠭᠠᠭᠰᠠᠨ᠂
ᠬᠤᠷᠳᠤᠨ ᠰᠢᠷᠭ᠎ᠠ ᠶᠢᠨ ᠤᠤᠭᠠᠨ ᠦᠷ᠎ᠡ ᠨᠢ ᠭᠡᠨ᠎ᠡ ᠯᠠ᠂
ᠶᠢᠰᠥᠨ ᠲᠥᠭᠡ ᠠᠯᠳᠠᠨ ᠰᠣᠶᠣᠭ᠎ᠠ ᠲᠠᠢ᠂
ᠬᠤᠷᠳᠤᠨ ᠵᠢᠭᠦᠷᠲᠦ ᠬᠣᠩᠭᠣᠷ ᠬᠥᠯᠥᠭ ᠲᠠᠢ ᠭᠡᠨ᠎ᠡ ᠯᠠ᠂
ᠵᠠᠯᠠᠭᠤ ᠪᠠᠭ᠎ᠠ ᠲᠣᠢᠪᠤᠷ ᠴᠠᠭ ᠲᠠᠭᠠᠨ ᠭᠡᠨ᠎ᠡ ᠯᠠ᠂
ᠽᠠᠮᠪᠤᠯᠢᠩ ᠶᠢᠨ ᠣᠷᠴᠢᠯᠠᠩ ᠢ ᠲᠦᠭᠡᠢᠯᠡᠭᠰᠡᠨ ᠭᠡᠨ᠎ᠡ ᠯᠠ᠂
ᠣᠨᠴᠠ ᠮᠡᠷᠭᠡᠨ ᠲᠠᠷᠢᠬᠢ ᠬᠠᠭᠠᠨ ᠤ ᠵᠢᠴᠢ᠂
ᠬᠦᠢ ᠵᠤᠯᠠ ᠠᠯᠳᠠᠷ ᠬᠠᠭᠠᠨ ᠤ ᠠᠴᠢ᠂
ᠲᠣᠭᠰᠢᠨ ᠰᠢᠷᠢᠬᠢ ᠶᠢᠨ ᠳᠤᠮᠳᠠ ᠬᠥᠪᠡᠭᠦᠨ᠂
ᠲᠣᠭᠰᠢᠨ ᠲᠠᠬᠢᠯ ᠠᠯᠳᠠᠨ ᠠᠷᠠᠭ᠎ᠠ ᠭᠡᠵᠤ ᠬᠡᠯᠡᠳᠡᠭ ᠰᠠᠨᠵᠠᠢ ᠭᠡᠨ᠎ᠡ
ᠯᠠ᠃
ᠦᠭᠡᠰ ᠤᠨ ᠲᠠᠢᠯᠪᠤᠷᠢ᠄
1·
ᠵᠠᠯᠠᠭᠤ ᠪᠠᠭ᠎ᠠ ᠲᠣᠢᠪᠤᠷ ᠴᠠᠭ᠁ ᠠᠶᠤᠬᠤ ᠡᠮᠢᠶᠡᠬᠦ ᠢ ᠮᠡᠳᠡᠬᠦ ᠦᠭᠡᠢ᠂
ᠶᠠᠮᠠᠷ ᠴᠤ᠌ ᠶᠠᠭᠤᠮᠠᠨ ᠴᠣᠴᠢᠳᠠᠭ ᠦᠭᠡᠢ᠂ ᠪᠤᠴᠠᠳᠠᠭ ᠦᠭᠡᠢ᠂ ᠰᠥᠰᠥ ᠵᠣᠷᠢᠭ ᠶᠡᠬᠡᠳᠡᠢ ᠵᠠᠯᠠᠭᠤ ᠢᠳᠡᠷ ᠨᠠᠰᠤᠨ ᠤ
ᠦᠶ᠎ᠡ ᠢ ᠨᠢ ᠬᠡᠯᠡᠵᠤ ᠪᠠᠢᠨ᠎ᠠ᠃
2·
ᠲᠦᠭᠡᠢᠯᠡᠭᠰᠡᠨ᠁ ᠡᠷᠭᠢᠨ ᠲᠣᠭᠤᠷᠢᠭᠰᠠᠨ᠂ ᠳᠤᠭᠤᠢᠯᠠᠨ ᠲᠣᠭᠤᠷᠢᠵᠤ ᠡᠷᠭᠢᠵᠤ
ᠶᠠᠪᠤᠭᠰᠠᠨ᠃
3· ᠣᠨᠴᠠ ᠮᠡᠷᠭᠡᠨ ᠲᠠᠷᠢᠬᠢ ᠬᠠᠭᠠᠨ᠁ ᠲᠣᠭᠰᠢᠨ
ᠲᠠᠬᠢᠯ ᠠᠯᠳᠠᠨ ᠠᠷᠠᠭ᠎ᠠ ᠪᠠᠭᠠᠲᠤᠷ ᠤᠨ ᠡᠯᠦᠨᠴᠡ ᠡᠪᠦᠭᠡ᠃
4·
ᠬᠦᠢ ᠵᠤᠯᠠ ᠠᠯᠳᠠᠷ ᠬᠠᠭᠠᠨ᠁ ᠲᠣᠭᠰᠢᠨ ᠲᠠᠬᠢᠯ ᠠᠯᠳᠠᠨ ᠠᠷᠠᠭ᠎ᠠ ᠶᠢᠨ
ᠡᠪᠦᠭᠡ᠃
5·
ᠲᠣᠭᠰᠢᠨ ᠰᠢᠷᠢᠬᠢ᠁ ᠳᠣᠭᠰᠢᠨ ᠲᠠᠬᠢᠯ ᠠᠯᠳᠠᠨ ᠠᠷᠠᠭ᠎ᠠ ᠶᠢᠨ ᠡᠴᠢᠭᠡ᠃
2023 ᠣᠨ ᠤ5 ᠰᠠᠷ᠎ᠠ ᠶᠢᠨ ᠨᠢᠭᠡᠨ ᠳᠤ ᠡᠯᠡᠰᠣᠳᠡᠢ ᠬᠤᠳᠠ ᠳᠤ ᠪᠢᠴᠢᠵᠤ ᠲᠡᠮᠳᠡᠭᠯᠡᠪᠡ᠃
ᠳ᠂ ᠨᠠᠷᠠᠰᠤ᠃·

