ᠮᠢᠨᠦ ᠡᠬᠡ ᠣᠷᠣᠨ – ᠨᠣᠰᠣᠷᠡᠨ Миний эх орон – Носорэн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠡᠬᠡ ᠣᠷᠣᠨ – ᠨᠣᠰᠣᠷᠡᠨ Миний эх орон – Носорэн

ᠮᠢᠨᠦ ᠡᠬᠡ ᠣᠷᠣᠨ – ᠨᠣᠰᠣᠷᠡᠨ Миний эх орон – Носорэн

2023-05-17

360

ᠮᠢᠨᠦ ᠡᠬᠡ ᠣᠷᠣᠨ


   
         ᠥᠪᠥᠷ ᠮᠣᠩᠭᠣᠯ ᠥᠪᠡᠷᠲᠡᠭᠡᠨ ᠵᠠᠰᠠᠬᠤ ᠣᠷᠣᠨ ᠪᠠᠶ᠋ᠢᠭᠤᠯᠤᠭᠲᠠᠭᠰᠠᠨ 70 ᠵᠢᠯ ᠦ᠋ᠨ ᠣᠢ ‍ᠳᠤ  
                    ᠨᠣᠰᠣᠷᠡᠨ 

 ᠠᠯᠲᠠ ᠨᠠᠷᠠᠨ ᠪ ᠰᠠᠴᠤᠷᠭᠠᠨ ᠲᠠᠢ
 ᠠᠵᠠ ᠬᠣᠷᠸ᠋᠎ᠠ ‍ᠳᠤ ᠵᠠᠶᠠᠭᠠᠭᠰᠠᠨ
 ᠠᠵᠢᠯᠴᠢ ᠪᠠᠭᠠᠲᠤᠷᠯᠢᠬ ᠠᠷᠠᠳ ᠲᠦᠮᠡᠨ ᠲᠠᠢ
 ᠠᠷᠢᠭᠤᠨ ᠲᠠᠭᠰᠢᠨ ᠣᠷᠣᠨ ᠮᠢᠨᠦ ᠥᠪᠥᠷ ᠮᠣᠩᠭᠣᠯ
 ᠡᠨᠡᠷᠢᠯᠲᠦ ᠨᠠᠮ ᠦ᠋ᠨ ᠶ᠋ᠢᠠᠨ ᠢᠪᠡᠭᠡᠯ ᠶ᠋ᠢᠡᠷ
 ᠡᠷᠬᠡ ᠵᠢᠷᠭᠠᠯ ᠶ᠋ᠢᠠᠨ ᠡᠳ᠋ᠯᠡᠭᠰᠡᠨ  
 ᠡᠬᠡ ᠤᠯᠤᠰ ᠦ᠋ᠨ ᠶ᠋ᠢᠠᠨ ᠬᠠᠯᠠᠭᠤᠨ ᠡᠯᠢᠭᠡᠨ ‍ᠳᠤ 
 ᠡᠩᠬᠡᠵᠢᠨ ᠪᠣᠶ᠋ᠢᠵᠢᠬᠰᠠᠨ ᠮᠢᠨᠦ ᠡᠬᠡ ᠣᠷᠣᠨ
 ᠠᠭᠤᠤ ᠨᠠᠮ ᠦ᠋ᠨ ᠶ᠋ᠢᠠᠨ ᠮᠡᠷᠭᠡᠨ ᠪᠣᠲᠣᠯᠬ᠋᠎ᠠ ᠪᠠᠷ 
 ᠠᠷᠠᠳ ᠲᠦᠮᠡᠨ ᠶ᠋ᠢᠡᠨ ᠤᠲᠤᠷᠢᠲᠤᠨ ᠳᠠᠶ᠋ᠢᠴᠢᠯᠠᠵᠤ
 ᠠᠯᠢᠪᠠ ᠪᠡᠷᠬᠡ ᠰᠠᠭᠠᠳ ᠊ᠢ ᠢᠯᠠᠨ ᠳᠠᠪᠠᠵᠤ
 ᠠᠵᠠ ᠵᠢᠷᠭᠠᠯ ᠶ᠋ᠢᠠᠨ ᠴᠣᠭᠴᠠᠯᠠᠭᠰᠠᠨ
 ᠬᠠᠯᠠ ᠲᠠᠢ ᠬᠠᠶ᠋ᠢᠷ᠎ᠠ ᠲᠠᠢ ᠠᠮᠢᠲᠤᠷᠠᠯ ᠦ᠋ᠨ ᠳᠠᠪᠠᠭᠠᠨ ‍ᠳᠤ
 ᠬᠠᠰᠢᠷᠵᠢᠵᠤ ᠲᠣᠮᠣᠭᠠᠵᠢᠬᠰᠠᠨ ᠳᠠᠯᠠᠨ ᠵᠢᠯ
 ᠬᠠᠮᠤᠭ ᠣᠯᠠᠨ ᠦᠨᠲᠦᠰᠦᠲᠡᠨ ᠨᠤᠭᠦᠳ ᠶ᠋ᠢᠡᠨ 
 ᠬᠠᠮᠲᠤᠷᠠᠭᠤᠯᠤᠨ ᠪᠦᠯᠬᠦᠮᠳᠡᠭᠦᠯᠦᠭᠰᠡᠨ ᠳᠠᠯᠠᠨ ᠵᠢᠯ
 ᠲᠠᠩᠰᠤᠭ ᠨᠤᠲᠤᠭ ᠥᠪᠥᠷ ᠮᠣᠩᠭᠣᠯ ᠮᠢᠨᠢ 
 ᠳᠠᠪᠰᠢᠨ ᠬᠦᠭᠵᠢᠵᠦ ᠢᠷᠡᠭᠰᠡᠨ ᠳᠠᠯᠠᠨ ᠵᠢᠯ 
 ᠳᠠᠶ᠋ᠢᠴᠢᠨ ᠲᠦᠮᠡᠨ ᠶ᠋ᠢᠡᠨ ᠳᠠᠭᠠᠭᠤᠯᠤᠭᠠᠳ
 ᠳᠠᠷᠬᠠᠨ ᠴᠣᠯᠠ ᠪᠠᠨ ᠮᠠᠨᠲᠤᠭᠤᠯᠤᠭᠰᠠᠨ ᠳᠠᠯᠠᠨ ᠵᠢᠯ 
 ᠳᠠᠪᠰᠢᠵᠤ ᠢᠷᠡᠭᠰᠡᠨ ᠳᠠᠯᠠᠨ ᠵᠢᠯ 
 ᠳᠠᠪᠲᠠᠨ ᠪᠣᠵᠭᠠᠶ᠋ᠢᠷᠠᠬᠰᠠᠨ ᠳᠠᠯᠠᠨ ᠵᠢᠯ
 ᠳᠠᠪᠬᠤᠷ ᠳᠠᠪᠬᠤᠷ ᠬᠠᠷᠰᠢ ᠰᠠᠭᠠᠳ ᠊ᠢ
 ᠳᠠᠪᠠᠵᠤ ᠢᠷᠡᠭᠰᠡᠨ ᠳᠠᠯᠠᠨ ᠵᠢᠯ
 ᠰᠠᠯᠬᠢᠨ ᠪᠣᠷᠣᠭᠠᠨ ᠊ᠢ ᠰᠥᠷᠦᠨ ᠤᠷᠤᠭᠰᠢᠯᠠᠵᠤ
 ᠰᠢᠯᠢᠳᠡᠭ ᠠᠮᠵᠢᠯᠲᠠ ᠶ᠋ᠢ ᠣᠯᠤᠭᠰᠠᠨ ᠮᠢᠨᠦ ᠡᠬᠡ ᠣᠷᠣᠨ
 ᠰᠢᠨ᠎ᠡ ᠡᠭᠦᠲᠦᠯᠲᠡ ᠥᠭᠡᠷᠡᠴᠢᠯᠡᠯᠲᠡ ᠨᠡᠭᠡᠭᠡᠯᠲᠡ ᠪᠡᠷ 
 ᠰᠢᠨᠡᠲᠤᠨ ᠬᠥᠭᠵᠢᠭᠡ ᠮᠢᠨᠦ ᠡᠬᠡ ᠣᠷᠣᠨ
 ᠮᠠᠨᠲᠤᠬᠤ ᠨᠠᠷᠠ ᠶ᠋ᠢ ᠤᠭᠲᠤᠭᠠᠳ 
 ᠮᠠᠭᠰᠢᠨ ᠲᠡᠭᠦᠯᠢᠭᠡ ᠮᠢᠨᠦ ᠡᠬᠡ ᠣᠷᠣᠨ
 ᠮᠠᠷᠭᠠᠰᠢ ᠶ᠋ᠢᠨ ᠰᠠᠶ᠋ᠢᠬᠠᠨ ᠢᠷᠡᠭᠡᠲᠦᠢ ᠵᠦᠭ
 ᠮᠠᠨᠲᠤᠨ ᠣᠷᠣᠭᠰᠢᠯᠬ᠋᠎ᠠ ᠮᠢᠨᠦ ᠡᠬᠡ ᠣᠷᠣᠨ
 ᠠᠴᠢᠯᠠᠯ ᠦ᠋ᠨ ᠬᠣᠷᠸ᠋᠎ᠠ ᠮᠢᠨᠦ ᠥᠪᠥᠷ ᠮᠣᠩᠭᠣᠯ
 ᠠᠵᠠ ᠵᠢᠷᠭᠠᠯ ᠦ᠋ᠨ ᠥᠯᠥᠭᠡᠢ ᠮᠢᠨᠦ ᠥᠪᠥᠷ ᠮᠣᠩᠭᠣᠯ
 ᠠᠮᠤᠭᠤᠯᠠᠩ ᠳᠡᠯᠡᠬᠡᠢ ᠮᠢᠨᠦ ᠥᠪᠥᠷ ᠮᠣᠩᠭᠣᠯ
 ᠠᠰᠢᠲᠠ ᠶ᠋ᠢᠨ ᠪᠡᠯᠭᠡᠲᠡᠯ ᠮᠢᠨᠦ ᠥᠪᠥᠷ ᠮᠣᠩᠭᠣᠯ
 ᠥᠰᠴᠦ ᠲᠥᠷᠥᠭᠰᠡᠨ ᠥᠯᠥᠭᠡᠢ ᠨᠤᠲᠤᠭ 
 ᠥᠭᠡᠲᠡᠯᠡᠨ ᠳᠠᠪᠰᠢᠬ᠋᠎ᠠ ᠥᠪᠥᠷ ᠮᠣᠩᠭᠣᠯ ᠶ᠋ᠢᠡᠨ 
 ᠡᠬᠡ ᠣᠷᠣᠨ ᠲᠥᠷᠥᠯᠬᠢ ᠨᠤᠲᠤᠭ 
 ᠡᠩᠬᠡᠵᠢᠨ ᠬᠥᠭᠵᠢᠭᠡ ᠥᠪᠥᠷ ᠮᠣᠩᠭᠣᠯ ᠶ᠋ᠢᠡᠨ 
 ᠥᠨᠥᠴᠢᠷᠡᠰᠢ ᠦᠭᠡᠢ ᠥᠨᠢᠷ ᠶ᠋ᠢᠡᠷ ᠶ᠋ᠢᠡᠨ 
 ᠥᠭᠢᠷᠡᠰᠢ ᠦᠭᠡᠢ ᠨᠣᠭᠣᠭᠠᠨ ᠶ᠋ᠢᠠᠷ ᠶ᠋ᠢᠠᠨ 
 ᠦᠭᠡᠶ᠋ᠢᠷᠡᠰᠢ ᠦᠭᠡᠢ ᠪᠠᠶᠠᠨ ᠶ᠋ᠢᠠᠷ ᠶ᠋ᠢᠠᠨ 
 ᠦᠲᠡᠯᠥᠰᠢ ᠦᠭᠡᠢ ᠪᠠᠶᠠᠨ ᠶ᠋ᠢᠠᠷ ᠶ᠋ᠢᠡᠨ
 ᠠᠷᠤ ᠬᠠᠩᠭᠠᠢ ᠶ᠋ᠢᠨ ᠠᠭᠤᠯᠠᠰ ᠦ᠋ᠨ ᠶ᠋ᠢᠠᠨ
 ᠠᠰᠬ᠎ᠠ ᠥᠨᠲᠥᠷ ᠣᠷᠭᠢᠯ ᠠ᠋ᠴᠠ
 ᠠᠯᠠᠭ ᠴᠡᠴᠡᠭ ᠮᠢᠷᠠᠯᠵᠠᠭᠰᠠᠨ
 ᠠᠲᠠᠷ ᠰᠢᠯᠢ ᠶ᠋ᠢᠨ ᠳᠡᠨᠵᠢᠨ ᠡᠴᠡ
 ᠡᠭᠦᠯᠡᠨ ‍ᠳᠤ ᠰᠢᠷᠭᠤᠭᠰᠠᠨ ᠠᠭᠤᠯᠠᠰ ᠦ᠋ᠨ ᠶ᠋ᠢᠠᠨ 
 ᠥᠨᠲᠥᠷ ᠰᠦᠷᠯᠢᠭ ᠣᠷᠭᠢᠯ ᠠ᠋ᠴᠠ
 ᠥᠩᠭᠡ ᠶ᠋ᠢᠨ ᠴᠡᠴᠡᠭ ᠳᠡᠯᠭᠡᠷᠡᠭᠰᠡᠨ 
 ᠥᠷᠭᠡᠨ ᠠᠭᠤᠲᠠᠮ ᠲᠠᠯ᠎ᠠ ᠨᠤᠲᠤᠭ ᠠ᠋ᠴᠠ ᠪᠠᠨ
 ᠠᠲᠤᠭᠤ ᠮᠠᠯ ᠨᠢ ᠪᠢᠯᠬᠠᠷᠠᠭᠰᠠᠨ
 ᠠᠵᠠ ᠶ᠋ᠢᠨ ᠴᠡᠩᠬᠡᠷ ᠭᠣᠪᠢ ᠠ᠋ᠴᠠ ᠪᠠᠨ 
 ᠠᠮᠤ ᠲᠠᠷᠢᠶ᠎ᠠ ᠬᠠᠯᠢᠭᠤᠷᠠᠭᠰᠠᠨ
 ᠠᠯᠲᠠᠨ ᠰᠢᠷᠭᠠᠯ ᠲᠠᠯ᠎ᠠ ᠠ᠋ᠴᠠ ᠪᠠᠨ
 ᠠᠵᠠ ᠵᠢᠷᠭᠠᠯ ᠶ᠋ᠢᠠᠷ ᠮᠦᠰᠢᠶᠡᠭᠰᠡᠨ 
 ᠠᠶᠠᠯᠭᠤ ᠳᠠᠭᠤᠯᠠᠯ ᠨᠢ ᠴᠤᠤᠷᠢᠶᠠᠯᠠᠭᠰᠠᠨ
 ᠠᠶ᠋ᠢᠷᠠᠭ ᠴᠠᠬ᠋᠎ᠠ ᠨᠢ ᠰᠡᠨᠭᠭᠢᠨᠡᠭᠰᠡᠨ
 ᠠᠵᠢᠯᠴᠢ ᠮᠠᠯᠴᠢᠳ ᠦ᠋ᠨ ᠥᠷᠥᠭᠡᠨ ᠡᠴᠡ
 ᠠᠯᠲᠠ ᠴᠠᠭᠠᠨ ᠬᠠᠲᠠᠭ ᠶ᠋ᠢᠠᠨ ᠳᠡᠯᠭᠡᠵᠦ
 ᠠᠶ᠋ᠢᠷᠠᠭ ᠴᠡᠭᠡᠨ ᠪ ᠳᠡᠭᠡᠵᠢ ᠪᠡᠨ ᠰᠥᠩᠨᠡᠵᠦ
 ᠠᠰᠢᠲᠠ ᠶ᠋ᠢᠨ ᠵᠢᠷᠭᠠᠯ ᠊ᠢ ᠨᠢ ᠵᠥᠩᠨᠡᠨ ᠢᠷᠥᠭᠡᠶ᠎ᠡ !
 ᠠᠵᠠ ᠬᠡᠶ᠋ᠢᠮᠣᠷᠢ ᠶ᠋ᠢ ᠨᠢ ᠬᠤᠷᠤᠶ᠋ᠢᠯᠠᠨ ᠳᠠᠯᠠᠯᠤᠶ᠎ᠠ 
 ᠬᠡᠶ᠋ᠢᠮᠣᠷᠢ ᠴᠢᠨᠢ ᠮᠠᠨᠲᠤᠵᠤ ᠂ ᠬᠡᠰᠢᠭ ᠪᠤᠶᠠᠨ ᠴᠢᠨᠢ ᠳᠡᠯᠭᠡᠷᠡᠲᠦᠭᠡᠢ !
  
     ᠦᠰᠦᠭ  ᠠᠮᠢᠯᠠᠭᠤᠯᠤᠭᠴᠢ  ᠄  ᠣᠳᠬᠠᠨᠴᠡᠴᠡᠭ
        ᠬᠢᠨᠠᠭᠴᠢ ᠪᠠᠭᠰᠢ ᠄ ᠭᠠᠷᠮ‌‍ᠠ᠋