ᠯᠢᠩᠪᠦ  ᠶᠢᠨ ᠳᠠᠭᠤᠨ - ᠪ᠂ ᠪᠦᠷᠢᠨᠪᠡᠬᠢ Лимбэний дуун - Б ᠂ Бүрэнбэх ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠯᠢᠩᠪᠦ  ᠶᠢᠨ ᠳᠠᠭᠤᠨ - ᠪ᠂ ᠪᠦᠷᠢᠨᠪᠡᠬᠢ Лимбэний дуун - Б ᠂ Бүрэнбэх

ᠯᠢᠩᠪᠦ  ᠶᠢᠨ ᠳᠠᠭᠤᠨ - ᠪ᠂ ᠪᠦᠷᠢᠨᠪᠡᠬᠢ Лимбэний дуун - Б ᠂ Бүрэнбэх

2023-05-15

307

ᠯᠢᠩᠪᠦ  ᠶᠢᠨ ᠳᠠᠭᠤᠨ


       ᠯᠢᠩᠪᠦ ᠶ᠋ᠢᠨ ᠳᠠᠭᠤᠨ ᠳ᠋ᠤ᠌ ᠪᠢ ᠰᠣᠭᠲᠣᠭᠤᠷᠠᠵᠤ ᠡᠪᠡᠰᠦᠨ ᠦ᠌ ᠦᠨᠦᠷ ᠲᠦ᠍ ᠬᠦᠯᠦᠭ ᠮᠤᠩᠬᠠᠭᠤᠷᠠᠨ᠎ᠠ ᠁ ᠴᠠᠢᠯᠠᠰ ᠴᠠᠢᠯᠠᠰ ᠭᠣᠣᠯ ᠤ᠋ᠨ ᠴᠠᠭᠠᠨ᠎ᠠ ᠡᠴᠡ ᠯᠢᠩᠪᠦ ᠶ᠋ᠢᠨ ᠳᠠᠭᠤᠨ ᠵᠢᠩᠭᠢᠨᠡᠨ᠎ᠡ ᠃ ᠡᠨᠡ ᠳᠠᠭᠤᠨ ᠂ ᠨᠠᠷᠠᠨ ᠤ᠋ ᠭᠡᠷᠡᠯ ᠦ᠋ᠨ ᠤᠷᠲᠤ ᠨᠠᠷᠢᠨ ᠮᠥᠩᠭᠥᠨ ᠰᠢᠷᠬᠡᠭ ᠲᠦ᠍ ᠨᠡᠪᠲᠡᠷᠡᠨ ᠰᠢᠩᠭᠡᠵᠦ ᠨᠠᠮ ᠵᠢᠮ ᠰᠥᠨᠢ ᠶ᠋ᠢᠨ ᠲᠠᠯ᠎ᠠ ᠳ᠋ᠤ᠌ ᠬᠠᠢᠷ᠎ᠠ ᠶ᠋ᠢᠨ ᠳᠠᠭᠤᠨ ᠢ᠋ ᠳᠠᠭᠤᠯᠠᠨ ᠥᠭᠭᠦᠨ᠎ᠡ ᠃  
     ᠬᠥᠳᠡᠭᠡ ᠲᠠᠯ᠎ᠠ ᠪᠠᠯ ᠤ᠋ᠨ ᠠᠮᠲᠠ ᠪᠠᠷ ᠳᠦᠭᠦᠷᠡᠩ ᠃  
     ᠰᠥᠮᠡᠰ ᠰᠥᠮᠡᠰ ᠰᠢᠭᠤᠢ ᠶ᠋ᠢᠨ ᠭᠦᠨ ᠡᠴᠡ ᠯᠢᠩᠪᠦ ᠶ᠋ᠢᠨ ᠳᠠᠭᠤᠨ ᠵᠢᠩᠭᠢᠨᠡᠨ᠎ᠡ ᠃ ᠡᠨᠡ ᠳᠠᠭᠤᠨ ᠂ ᠵᠦᠯᠭᠡ ᠨᠣᠭᠣᠭᠠᠨ ᠤ᠋ ᠬᠥᠩᠭᠡᠨ ᠤᠨᠢᠶᠠᠷ ᠲᠠᠢ ᠡᠪᠬᠡᠷᠡᠯᠳᠦᠨ ᠲᠡᠮᠤᠯᠳᠠᠵᠥ ᠰᠠᠷᠠᠭᠤᠯ ᠭᠡᠭᠡᠨ ᠰᠥᠨᠢ ᠶ᠋ᠢᠨ ᠲᠠᠯ᠎ᠠ ᠳ᠋ᠤ᠌ ᠪᠦᠪᠡᠢ ᠶ᠋ᠢᠨ ᠳᠠᠭᠤᠨ ᠢ᠋ ᠳᠠᠭᠤᠯᠠᠨ ᠥᠭᠭᠦᠨ᠎ᠡ ᠃  
     ᠬᠥᠳᠡᠭᠡ ᠲᠠᠯ᠎ᠠ ᠪᠡᠯᠭᠡᠲᠦ ᠵᠡᠭᠦᠳᠦ ᠪᠡᠷ ᠳᠦᠭᠦᠷᠡᠩ ᠃ 
     ᠪᠠᠷᠤᠭ ᠪᠦᠷᠦᠭ ᠲᠠᠯ᠎ᠠ ᠶ᠋ᠢᠨ ᠲᠡᠷᠲᠡᠭᠡ ᠠᠴᠠ ᠯᠢᠩᠪᠦ ᠶ᠋ᠢᠨ ᠳᠠᠭᠤᠨ ᠵᠢᠩᠭᠢᠨᠡᠨ᠎ᠡ ᠃ ᠡᠨᠡ ᠳᠠᠭᠤᠨ ᠂ ᠬᠠᠶᠠ ᠢᠯᠪᠢᠬᠦ ᠵᠥᠭᠡᠯᠡᠨ ᠰᠠᠯᠬᠢᠨ ᠢ᠋ ᠬᠥᠯᠭᠡᠯᠡᠵᠦ ᠲᠡᠨᠢᠭᠡᠷ ᠠᠭᠤᠳᠠᠮ ᠰᠥᠨᠢ ᠶ᠋ᠢᠨ ᠲᠠᠯ᠎ᠠ ᠳ᠋ᠤ᠌ ᠨᠠᠢᠷ ᠤ᠋ᠨ ᠳᠠᠭᠤᠨ ᠢ᠋ ᠳᠠᠭᠤᠯᠠᠨ ᠥᠭᠭᠦᠨ᠎ᠡ ᠃    
     ᠬᠥᠳᠡᠭᠡ ᠲᠠᠯ᠎ᠠ ᠪᠠᠶᠠᠷ ᠤ᠋ᠨ ᠠᠮᠢᠰᠬᠤᠭ᠎ᠠ ᠪᠠᠷ ᠳᠦᠭᠦᠷᠡᠩ ᠃   
     ᠠ᠁ ᠯᠢᠩᠪᠦ ᠶ᠋ᠢᠨ ᠳᠠᠭᠤᠨ ᠳ᠋ᠤ᠌ ᠪᠢ ᠰᠣᠭᠲᠣᠭᠤᠷᠠᠵᠤ ᠡᠪᠡᠰᠦᠨ ᠦ᠌ ᠦᠨᠦᠷ ᠲᠦ᠍ ᠬᠦᠯᠦᠭ ᠮᠤᠩᠬᠠᠭᠤᠷᠠᠨ᠎ᠠ ᠃                                                                                                    1961.12