ᠲᠠᠷᠢᠬᠢ ᠪᠠᠨ ᠢᠯᠡᠭᠦᠦ ᠬᠡᠷᠡᠭᠯᠡᠪᠡᠯ ᠥᠲᠡᠯᠬᠦ ᠶ᠋ᠢ ᠰᠡᠷᠭᠡᠢᠯᠡᠮᠦᠢ-ᠨᠠᠭᠤᠨᠪᠢᠯᠢᠭ᠌Тархиа илүү хэрэглэвэл өтлөхийг сэргийлмүй-нагунбилиг
ᠮᠡᠳᠡᠯᠭᠡ ᠶ᠋ᠢᠨ
ᠥᠷᠥᠭᠡ- ᠨᠠᠭᠤᠨᠪᠢᠯᠢᠭ᠌
《ᠤᠭᠯᠤᠷᠭ᠎ᠠ ᠮᠣᠳᠣ ᠬᠣᠷᠣᠬᠠᠶ᠋ᠢᠲᠠᠬᠤ ᠦᠭᠡᠢ᠂ ᠤᠷᠤᠰᠬᠠᠯ ᠤᠰᠤ ᠥᠮᠡᠬᠡᠶ᠋ᠢᠷᠡᠬᠥ ᠦᠭᠡᠢ 》 ᠭᠡᠳᠡᠭ ᠦ᠋ᠨ ᠤᠳᠬ᠎ᠠ ᠰᠠᠨᠠᠭ᠎ᠠ ᠶ᠋ᠢ ᠬᠥᠮᠦᠨ ᠪᠦᠬᠦᠨ ᠮᠡᠳᠡᠳᠡᠭ ᠪᠢᠯᠡ᠃ ᠠᠮᠢᠳᠤ ᠪᠣᠳᠠᠰ ᠤ᠋ᠨ
ᠰᠤᠳᠤᠯᠤᠯ ᠳᠡᠭᠡᠷ᠎ᠡ ᠪᠠᠰᠠ ᠨᠢᠭᠡᠨ 《ᠬᠡᠷᠡᠭᠯᠡᠪᠡᠰᠦ ᠰᠠᠶ᠋ᠢᠵᠢᠷᠠᠵᠤ᠂
ᠬᠠᠶᠠᠪᠠᠰᠤ ᠮᠠᠭᠤᠳᠠᠨ᠎ᠠ 》 ᠭᠡᠰᠡᠨ ᠵᠢᠮ᠎ᠡ ᠪᠣᠢ᠃ ᠡᠨᠡ
ᠳᠠᠷᠤᠢ ᠠᠮᠢᠲᠠᠨ ᠤ᠋ ᠠᠯᠢᠪᠠ ᠡᠷᠬᠡᠲᠡᠨ ᠨᠢ ᠬᠡᠷᠡᠭᠯᠡᠵᠦ ᠯᠡ ᠪᠠᠶ᠋ᠢᠪᠠᠯ ᠠᠵᠢᠯᠯᠠᠭ᠎ᠠ ᠪᠠ ᠴᠢᠳᠠᠪᠤᠷᠢ ᠨᠢ
ᠬᠥᠭᠵᠢᠯᠲᠡᠢ ᠪᠠᠶ᠋ᠢᠵᠤ᠂ ᠬᠡᠯᠪᠡᠷᠢ ᠪᠠᠶ᠋ᠢᠲᠠᠯ ᠨᠢ ᠬᠤᠪᠢᠷᠠᠬᠤ ᠦᠭᠡᠢ ᠭᠡᠰᠡᠨ ᠊ᠢ ᠬᠡᠯᠡᠵᠦ ᠪᠠᠶ᠋ᠢᠨ᠎ᠠ᠃ ᠬᠥᠮᠦᠨ ᠦ᠌
ᠲᠠᠷᠢᠬᠢ ᠨᠡᠩ ᠴᠦ᠍ ᠡᠶ᠋ᠢᠮᠦ ᠪᠠᠶ᠋ᠢᠲᠠᠭ᠃ ᠬᠥᠮᠦᠨ ᠦ᠌ ᠪᠡᠶ᠎ᠡ ᠪᠣᠶ᠋ᠢᠵᠢᠵᠤ ᠭᠥᠢᠴᠡᠭᠰᠡᠨ ᠦ᠌ ᠳᠠᠷᠠᠭ᠎ᠠ᠂ ᠲᠠᠷᠢᠬᠢᠨ ᠤ᠋
ᠡᠰ ᠦ᠋ᠨ ᠶᠡᠷᠦᠩᠬᠡᠢ ᠲᠣᠭ᠎ᠠ ᠨᠢ ᠳᠠᠬᠢᠵᠤ ᠨᠡᠮᠡᠭᠲᠡᠬᠦ ᠦᠭᠡᠢ ᠪᠣᠯᠤᠨ᠎ᠠ᠃ ᠥᠬᠥᠭᠰᠡᠨ ᠡᠰ ᠨᠢ ᠳᠠᠬᠢᠵᠤ ᠪᠣᠢ
ᠪᠣᠯᠬᠤ ᠪᠤᠶᠤ ᠨᠥᠬᠥᠪᠥᠷᠢᠯᠡᠬᠦ ᠳ᠋ᠦ᠍ ᠬᠦᠴᠢᠷ ᠪᠠᠶ᠋ᠢᠲᠠᠭ᠃ ᠡᠶ᠋ᠢᠮᠦ ᠡᠴᠡ ᠬᠡᠷᠪᠡ ᠦᠷᠭᠦᠯᠵᠢ ᠲᠠᠷᠢᠬᠢ ᠪᠠᠨ
ᠬᠡᠷᠡᠭᠯᠡᠬᠦ ᠦᠭᠡᠢ ᠪᠣᠯ ᠲᠠᠷᠢᠬᠢᠨ ᠤ᠋ ᠵᠠᠷᠢᠮ ᠡᠰ ᠨᠢ ᠬᠡᠷᠡᠭᠯᠡᠬᠦ ᠦᠭᠡᠢ ᠡᠴᠡ ᠪᠣᠯᠵᠤ ᠮᠠᠭᠤᠳᠠᠵᠤ ᠬᠤᠪᠢᠷᠠᠯᠲᠠ
ᠭᠠᠷᠬᠤ ᠶᠤᠮ᠃ ᠰᠢᠨᠵᠢᠯᠡᠬᠦ ᠤᠬᠠᠭᠠᠨᠲᠠᠨ ᠤ᠋ ᠰᠤᠳᠤᠯᠤᠯᠲᠠ ᠪᠠᠷ᠂ ᠲᠠᠷᠢᠬᠢ ᠪᠠᠨ ᠢᠯᠡᠭᠦᠦ ᠬᠡᠷᠡᠭᠯᠡᠵᠦ ᠴᠢᠳᠠᠮᠠᠭᠠᠢ
ᠬᠡᠷᠡᠭᠯᠡᠵᠦ ᠴᠢᠳᠠᠬᠤ ᠬᠥᠮᠦᠨ ᠦ᠌ ᠲᠠᠷᠢᠬᠢᠨ ᠤ᠋ ᠬᠥᠭᠰᠢᠷᠡᠯ ᠨᠢ ᠣᠷᠣᠢ ᠡᠭᠦᠰᠬᠦ ᠪᠥᠭᠡᠳ ᠪᠡᠶ᠎ᠡ ᠶ᠋ᠢᠨ ᠬᠥᠭᠰᠢᠷᠡᠯ
ᠨᠢ ᠴᠦ᠍ ᠤᠳᠠᠭᠠᠨ ᠪᠠᠶ᠋ᠢᠲᠠᠭ ᠭᠡᠳᠡᠭ ᠊ᠢ ᠬᠡᠵᠢᠶᠡᠨ ᠦ᠌ ᠪᠠᠲᠤᠯᠠᠭᠰᠠᠨ ᠶᠤᠮ᠃ ᠲᠠᠷᠢᠬᠢ ᠪᠣᠯ ᠬᠥᠮᠦᠨ ᠦ᠌ ᠪᠡᠶ᠎ᠡ ᠶ᠋ᠢᠨ
《ᠬᠠᠮᠤᠭ ᠤ᠋ᠨ ᠳᠡᠭᠡᠳᠦ ᠵᠠᠬᠢᠷᠤᠯ ᠤ᠋ᠨ ᠭᠠᠵᠠᠷ 》 ᠪᠣᠯᠤᠨ᠎ᠠ᠃ ᠬᠥᠮᠦᠨ ᠦ᠌ ᠪᠡᠶ᠎ᠡ ᠶ᠋ᠢᠨ
ᠡᠯ᠎ᠡ ᠰᠢᠰᠲ᠋ᠧᠮ᠂ ᠡᠯ᠎ᠡ ᠡᠷᠬᠡᠲᠡᠨ ᠦ᠌ ᠬᠡᠪ ᠦ᠋ᠨ ᠹᠢᠽᠢᠣᠯᠣᠭᠢ ᠶ᠋ᠢᠨ ᠬᠥᠳᠡᠯᠭᠡᠭᠡᠨ ᠊ᠢ ᠪᠦᠷ ᠲᠠᠷᠢᠬᠢ ᠵᠠᠬᠢᠷᠴᠤ
ᠪᠠᠶ᠋ᠢᠭ᠎ᠠ ᠲᠤᠯᠠ ᠵᠥᠪᠬᠡᠨ ᠲᠠᠷᠢᠬᠢ ᠴᠢᠨᠢ ᠮᠠᠭᠤᠳᠠᠬᠤ ᠦᠭᠡᠢ᠂ ᠠᠵᠢᠯᠯᠠᠭ᠎ᠠ ᠨᠢ ᠵᠣᠬᠢᠴᠠᠵᠤ ᠯᠠ ᠪᠠᠶ᠋ᠢᠪᠠᠯ
ᠪᠡᠶ᠎ᠡ ᠶ᠋ᠢᠨ ᠪᠤᠰᠤᠳ ᠰᠢᠰᠲ᠋ᠧᠮ ᠪᠠ ᠡᠷᠬᠡᠲᠡᠨ ᠦ᠌ ᠬᠥᠭᠰᠢᠷᠡᠯ ᠨᠢ ᠠᠶᠠᠨᠳᠠᠭᠠᠨ ᠤᠳᠠᠭᠠᠨ ᠪᠠᠶ᠋ᠢᠲᠠᠭ ᠶᠤᠮ᠃
ᠲᠠᠷᠢᠬᠢ ᠢᠯᠡᠭᠦᠦ ᠬᠥᠳᠡᠯᠭᠡᠵᠦ᠂ ᠲᠠᠷᠢᠬᠢ ᠪᠠᠨ ᠢᠳᠡᠪᠬᠢᠲᠡᠢ ᠬᠡᠷᠡᠭᠯᠡᠬᠦ ᠨᠢ ᠲᠠᠷᠢᠬᠢᠨ ᠤ᠋ ᠬᠥᠭᠰᠢᠷᠡᠯ ᠊ᠢ
ᠰᠡᠷᠭᠡᠶ᠋ᠢᠯᠡᠵᠦ᠂ ᠠᠵᠢᠯᠯᠠᠭ᠎ᠠ ᠶ᠋ᠢᠨ ᠮᠠᠭᠤᠲᠠᠯ ᠊ᠢ ᠰᠡᠷᠭᠡᠶ᠋ᠢᠯᠡᠬᠦ ᠬᠠᠮᠤᠭ ᠤ᠋ᠨ ᠰᠠᠢᠨ ᠠᠷᠭ᠎ᠠ ᠪᠣᠯᠤᠨ᠎ᠠ᠃
ᠬᠢᠨᠠᠭᠴᠢ ᠪᠠᠭᠰᠢ᠄ ᠭᠠᠷᠮ ᠠ᠋
