ᠭᠠᠷᠳᠠᠭᠤᠯᠬᠤ ᠪᠡᠯᠡᠭГардуулах бэлэг ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠷᠳᠠᠭᠤᠯᠬᠤ ᠪᠡᠯᠡᠭГардуулах бэлэг

ᠭᠠᠷᠳᠠᠭᠤᠯᠬᠤ ᠪᠡᠯᠡᠭГардуулах бэлэг

2023-05-15

229

ᠭᠠᠷᠳᠠᠭᠤᠯᠬᠤ ᠪᠡᠯᠡᠭ

     — ᠣᠷᠣᠰᠢᠯᠤ᠋ᠨ ᠣᠷᠣᠨ ᠳ᠋ᠤ᠌
ᠠᠯᠢᠶ᠎ᠠ ᠳᠠᠭᠵᠢᠨ ᠳᠡᠭᠦᠦ ᠨᠠᠷ ᠮᠢᠨᠢ
ᠠᠮᠤᠷ ᠰᠠᠢᠨ ᠰᠠᠭᠤᠭ᠎ᠠ ‍ᠤᠤ?
ᠠᠯᠢ ᠡᠷᠲᠡ ᠶ᠋ᠢᠨ ᠪᠡᠯᠡᠭ ᠢ᠋ᠶ᠋ᠡᠨ
ᠠᠬ᠎ᠠ ᠴᠢᠨᠢ ᠪᠢ ᠰᠠᠶᠢ ᠳᠡᠯᠭᠡᠵᠦ ᠪᠠᠶ᠋ᠢᠨ᠎ᠠ 

ᠭᠠᠷᠳᠠᠭᠤᠯᠵᠤ ᠥᠭᠬᠦ ᠪᠡᠯᠡᠭ ᠮᠢᠨᠢ
ᠭᠠᠶ᠋ᠢᠭᠤᠢ ᠠᠮᠲᠠ ᠲᠠᠢ ᠰᠢᠬᠢᠷ ᠪᠢᠰᠢ ᠠ᠋
ᠭᠠᠩᠭᠠᠩ ᠰᠠᠢᠬᠠᠨ ᠴᠡᠴᠡᠭ ᠴᠦ᠍ ᠪᠢᠰᠢ ᠠ᠋
ᠭᠠᠶ᠋ᠢᠬᠠᠯ ᠲᠥᠷᠥᠮ᠎ᠡ ᠲᠣᠭᠯᠠᠭᠠᠮ ᠴᠤ᠌ ᠪᠢᠰᠢ ᠠ᠋

ᠭᠤᠯᠳᠤ ᠦᠰᠦᠭ ᠢ᠋ᠶ᠋ᠡᠷ ᠤᠶᠠᠩᠭᠠᠯᠠᠭᠰᠠᠨ
ᠭᠣᠪᠢ ᠨᠤᠲᠤᠭ ᠤ᠋ᠨ ᠲᠠᠲᠠᠯᠭᠠᠨ ᠵᠢᠷᠤᠭ ᠰᠢᠦ ᠄
ᠭᠣᠣᠯ ᠪᠠᠶ᠋ᠢᠨ᠎ᠠ᠂ ᠲᠠᠯ᠎ᠠ ᠪᠠᠶ᠋ᠢᠨ᠎ᠠ
ᠭᠣᠭᠣᠳ ᠪᠠᠶ᠋ᠢᠨ᠎ᠠ᠂ ᠳᠠᠭᠠᠨ᠎ᠠ ᠪᠠᠶ᠋ᠢᠨ᠎ᠠ
ᠰᠦ ᠪᠠᠶ᠋ᠢᠨ᠎ᠠ ᠰᠦᠷᠦᠭ ᠪᠠᠶ᠋ᠢᠨ᠎ᠠ
ᠰᠥᠨᠢ ᠶ᠋ᠢᠨ ᠣᠳᠣ ᠰᠢᠭ᠋ ᠭᠡᠷ ᠴᠦ᠍ ᠪᠠᠶ᠋ᠢᠨ᠎ᠠ 

ᠤᠷᠮ᠎ᠠ ᠬᠠᠷᠢᠯ ᠦᠭᠡᠢ ᠦᠵᠡᠭᠡᠳ ᠯᠡ ᠪᠠᠶ᠋ᠢᠪᠠᠯ
ᠣᠶᠤᠨ ᠴᠢᠨᠢ ᠨᠡᠭᠡᠭᠡᠭᠳᠡᠬᠦ ᠲᠦᠯᠬᠢᠭᠦᠷ ᠶᠦ᠍ᠮ
ᠤᠷᠭᠤᠭᠰᠠᠨ ᠰᠤᠪᠤᠳ ᠰᠢᠭ᠋ ᠰᠠᠢᠬᠠᠨ ᠨᠢᠳᠦ ᠴᠢᠨᠢ
ᠤᠯᠠᠮ ᠢᠯᠡᠭᠦᠦ ᠬᠡᠷᠡᠯᠳᠦᠬᠦ ᠶᠦ᠍ᠮ 

ᠠᠯᠢᠶ᠎ᠠ ᠳᠠᠭᠵᠢᠨ ᠳᠡᠭᠦᠦ ᠨᠠᠷ ᠮᠢᠨᠢ
ᠠᠬ᠎ᠠ ᠶ᠋ᠢᠨ ᠴᠢᠨᠢ ᠪᠡᠯᠡᠭ ᠡᠶ᠋ᠢᠮᠦ ᠯᠡ ᠪᠠᠶ᠋ᠢᠨ᠎ᠠ
ᠠᠪᠤᠨ᠎ᠠ ‍ᠤᠤᠪᠠᠶ᠋ᠢᠨ᠎ᠠ ‍ᠤᠤ? ᠥᠪᠡᠷ ᠢ᠋ᠶ᠋ᠡᠨ ᠮᠡᠳᠡᠭᠡᠷᠡᠢ!
ᠠᠳᠬᠤᠭᠤᠯᠬᠤ ᠪᠡᠯᠡᠭ ᠮᠠᠨᠢ ᠡᠨᠡ ᠯᠡ ᠪᠠᠶ᠋ᠢᠨ᠎ᠠ


   ᠦᠰᠦᠭ ᠠᠮᠢᠯᠠᠭᠤᠯᠤᠭᠴᠢ ᠄ ᠱᠠᠭᠰᠠᠯ
   ᠬᠢᠨᠠᠭᠴᠢ ᠄ ᠲᠣ᠋ ᠂ ᠰᠡᠬᠡᠭᠡᠷᠡᠯ