ᠶᠢᠷᠲᠢᠨᠴᠦ ᠶᠢᠨ ᠭᠤᠷᠪᠠ – < ᠢ᠊ > ᠶ᠋ᠢᠨ ᠠᠶ᠋ᠢᠮᠠᠭ (2) Ертөнцийн гурав – < И > ин аймаг ᠶᠢᠷᠲᠢᠨᠴᠦ ᠶ᠋ᠢᠨ ᠭᠤᠷᠪᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠢᠷᠲᠢᠨᠴᠦ ᠶᠢᠨ ᠭᠤᠷᠪᠠ – < ᠢ᠊ > ᠶ᠋ᠢᠨ ᠠᠶ᠋ᠢᠮᠠᠭ (2) Ертөнцийн гурав – < И > ин аймаг

ᠶᠢᠷᠲᠢᠨᠴᠦ ᠶᠢᠨ ᠭᠤᠷᠪᠠ – < ᠢ᠊ > ᠶ᠋ᠢᠨ ᠠᠶ᠋ᠢᠮᠠᠭ (2) Ертөнцийн гурав – < И > ин аймаг

2023-05-15

330

ᠶᠢᠷᠲᠢᠨᠴᠦ ᠶᠢᠨ ᠭᠤᠷᠪᠠ – < ᠢ᠊ > ᠶ᠋ᠢᠨ ᠠᠶ᠋ᠢᠮᠠᠭ


       ᠢ‍  ‍ᠶ᠋ᠢᠨ ᠠᠶ᠋ᠢᠮᠠᠭ

         ᠭᠤᠷᠪᠠᠨ ᠰᠠᠶ᠋ᠢᠨ
   ᠢᠰᠡᠭᠡᠢ ‍ᠶ᠋ᠢᠨ ᠵᠤᠵᠠᠭᠠᠨ ᠨᠢ ᠰᠠᠶ᠋ᠢᠨ
   ᠢᠯᠲᠦ ᠶ᠋ᠢᠨ ᠨᠢᠮᠭᠡᠨ ᠨᠢ ᠰᠠᠶ᠋ᠢᠨ
   ᠢᠲᠡᠭᠡᠨ ᠪ ᠠᠮᠲᠠᠲᠠᠢ ᠨᠢ ᠰᠠᠶ᠋ᠢᠨ
      
         ᠭᠤᠷᠪᠠᠨ ᠲᠣᠮᠣ
   ᠢᠷᠣᠭᠠᠷ ᠣᠯᠣᠮ ᠦᠭᠡᠢ ᠡᠴᠡ ᠳᠠᠯᠠᠢ ᠨᠢᠭᠡ ᠲᠣᠮᠣ
   ᠣᠭᠣᠰᠣᠷ ᠪᠦᠴᠡ ᠦᠭᠡᠢ ᠡᠴᠡ ᠣᠷᠴᠢᠯᠠᠩ ᠨᠢᠭᠡ ᠲᠣᠮᠣ
   ᠬᠥᠪᠡᠭᠡ ᠬᠢᠵᠠᠭᠠᠷ ᠦᠭᠡᠢ ᠡᠴᠡ ᠲᠠᠯ᠎ᠠ ᠨᠢᠭᠡ ᠲᠣᠮᠣ
      
         ᠭᠤᠷᠪᠠᠨ ᠳᠠᠭᠠᠬᠤ
   ᠢᠷᠪᠡᠰ ᠮᠡᠲᠦ ᠨᠣᠶᠠᠳ ᠊ᠢ ᠴᠢᠨᠣ᠎ᠠ ᠮᠡᠲᠦ ᠲᠦᠰᠢᠮᠡᠳ ᠳᠠᠭᠠᠬᠤ
   ᠴᠢᠨᠣ᠎ᠠ ᠮᠡᠲᠦ ᠨᠣᠶᠠᠳ ᠊ᠢ ᠦᠨᠡᠭᠡ ᠮᠡᠲᠦ ᠲᠦᠰᠢᠮᠡᠳ ᠳᠠᠭᠠᠬᠤ
   ᠦᠨᠡᠭᠡ ᠮᠡᠲᠦ ᠨᠣᠶᠠᠳ ᠊ᠢ  ᠲᠠᠤᠯᠠᠢ ᠮᠡᠲᠦ ᠲᠦᠰᠢᠮᠡᠳ ᠳᠠᠭᠠᠬᠤ
      
        ᠭᠤᠷᠪᠠᠨ ᠪᠢᠰᠢ
   ᠢᠨᠢᠶᠡᠭᠰᠡᠨ ᠪᠦᠬᠦᠨ ᠨᠥᠬᠥᠷ ᠪᠢᠰᠢ
   ᠢᠳᠡᠭᠰᠡᠨ ᠪᠦᠬᠦᠨ ᠡᠷᠡᠭᠡ ᠦᠭᠡᠢ ᠪᠢᠰᠢ
   ᠢᠴᠢᠭᠰᠡᠨ ᠪᠦᠬᠦᠨ ᠰᠢᠷᠪᠡᠭᠡᠯᠢᠭ ᠪᠢᠰᠢ

       ᠭᠤᠷᠪᠠᠨ ᠪᠥᠬᠡ
   ᠢᠴᠡᠬᠦ ᠦᠭᠡᠢ ᠬᠦᠮᠦᠨ ᠪ ᠨᠢᠭᠤᠷ ᠨᠢ ᠪᠥᠬᠡ
   ᠢᠨᠢᠶᠡᠬᠦ ᠦᠭᠡᠢ ᠬᠦᠮᠦᠨ ᠪ  ᠰᠡᠤᠠᠬᠢᠯ ᠨᠢ ᠪᠥᠬᠡ
   ᠦᠬᠦᠬᠦ ᠦᠭᠡᠢ ᠬᠦᠮᠦᠨ ᠪ  ᠠᠮᠢ ᠨᠢ ᠪᠥᠬᠡ
      
          ᠭᠤᠷᠪᠠᠨ ᠶᠡᠬᠡ
   ᠢᠰᠢᠭᠡᠨ ᠤᠬᠤᠨ᠎ᠠ ᠶ᠋ᠢᠨ ᠲᠣᠴᠢᠬ ᠨᠢ ᠶᠡᠬᠡ
   ᠢᠴᠢᠮᠡᠲᠡᠭᠡᠢ ᠬᠦᠮᠦᠨ ᠪ ᠰᠢᠷᠪᠡᠭᠡᠲᠦᠬᠦ ᠨᠢ ᠶᠡᠬᠡ
   ᠢᠲᠡ ᠬᠦᠴᠦᠨ ᠪ ᠰᠥᠷ ᠨᠢ ᠶᠡᠬᠡ
      
         ᠭᠤᠷᠪᠠᠨ ᠵᠣᠬᠢᠴᠠᠬᠤ
   ᠢᠨᠢᠶᠡᠲᠦᠮ ᠱᠣᠭ ᠨᠠᠶ᠋ᠢᠷ ᠳᠠᠭᠠᠨ ᠨᠢᠭᠡ ᠵᠣᠬᠢᠴᠠᠬᠤ
   ᠢᠮᠠᠬ᠋᠎ᠠ ᠬᠣᠨᠢ ᠲᠠᠯ᠎ᠠ ᠳ᠋ᠠᠭᠠᠨ ᠨᠢᠭᠡ ᠵᠣᠬᠢᠴᠠᠬᠤ
   ᠢᠠᠠᠴᠢ ᠣᠢ ᠠᠭᠤᠯᠠᠨ ᠳ᠋ᠠᠭᠠᠨ ᠨᠢᠭᠡ ᠵᠣᠬᠢᠴᠠᠬᠤ
      
          ᠭᠤᠷᠪᠠᠨ ᠬᠡᠷᠡᠭᠲᠡᠢ
   ᠢᠲᠡᠭᠡᠯ ᠊ᠢ ᠣᠯᠬᠤ  ᠳ᠋ᠦ᠍ ᠦᠨᠡᠨ ᠨᠢᠭᠡ ᠬᠡᠷᠡᠭᠲᠡᠢ
   ᠡᠨᠲᠡᠭᠦᠦ ᠶ᠋ᠢ ᠬᠠᠯᠠᠬᠤ  ᠳ᠋ᠦ᠍ ᠰᠢᠲᠤᠷᠭᠤ ᠨᠢᠭᠡ ᠬᠡᠷᠡᠭᠲᠡᠢ
   ᠡᠷᠲᠡᠮ ᠊ᠢ ᠰᠤᠷᠬᠤ  ᠳ᠋ᠦ᠍ ᠰᠢᠮᠲᠠᠯ ᠨᠢᠭᠡ ᠬᠡᠷᠡᠭᠲᠡᠢ
      
          ᠭᠤᠷᠪᠠᠨ ᠬᠡᠴᠡᠭᠦᠦ
   ᠢᠯᠵᠠᠷᠬᠠᠢ ᠶᠠᠭᠤᠮ᠎ᠠ ᠶ᠋ᠢᠨ ᠦᠮᠡᠬᠡᠢ ᠨᠢ ᠬᠡᠴᠡᠭᠦᠦ
   ᠡᠴᠡᠩᠬᠡᠢ ᠬᠦᠮᠦᠨ ᠪ ᠲᠠᠭᠠᠷᠠᠬᠤ ᠨᠢ ᠬᠡᠴᠡᠭᠦᠦ
   ᠢᠨᠢᠶᠡᠮᠡᠲᠡᠭᠡᠢ ᠬᠦᠮᠦᠨ ᠪ ᠭᠡᠮ ᠨᠢ ᠬᠡᠴᠡᠭᠦᠦ
      
         ᠭᠤᠷᠪᠠᠨ ᠰᠠᠶ᠋ᠢᠬᠠᠨ
   ᠢᠨᠠᠭ ᠬᠦᠮᠦᠨ ᠪ ᠤᠬᠢᠯᠠᠬᠤ ᠨᠢ ᠪᠣᠯᠪᠠᠴᠤ ᠰᠠᠶ᠋ᠢᠬᠠᠨ
   ᠢᠲᠡᠭᠡᠮᠵᠢᠲᠦ ᠬᠦᠮᠦᠨ ᠪ ᠣᠷᠬᠢᠬᠤ ᠨᠢ ᠪᠣᠯᠪᠠᠴᠤ ᠰᠠᠶ᠋ᠢᠬᠠᠨ
   ᠢᠵᠢᠯ ᠬᠦᠮᠦᠨ ᠪ ᠢᠷᠪᠠᠶ᠋ᠢᠬᠤ ᠨᠢ  ᠪᠣᠯᠪᠠᠴᠤ ᠰᠠᠶ᠋ᠢᠬᠠᠨ
       
          ᠭᠤᠷᠪᠠᠨ ᠬᠡᠴᠡᠭᠦᠦ
   ᠢᠲᠡᠭᠡᠮᠵᠢ ᠦᠭᠡᠢ  ᠨᠥᠬᠥᠷ ᠢᠯᠡᠷᠬᠡᠢ ᠳᠠᠶ᠋ᠢᠰᠤᠨ ᠠ᠋ᠴᠠ ᠬᠡᠴᠡᠭᠦᠦ
   ᠢᠵᠢᠯᠢᠰᠡᠭ ᠦᠭᠡᠢ ᠬᠦᠮᠦᠨ ᠢᠷᠪᠡᠰ ᠪᠠᠷᠰ ᠠ᠋ᠴᠠ ᠬᠡᠴᠡᠭᠦᠦ
   ᠢᠯᠡ ᠦᠭᠡᠢ ᠶᠠᠪᠤᠲᠠᠯ ᠢᠯᠲᠦ ᠵᠢᠲᠠ ᠠ᠋ᠴᠠ ᠬᠡᠴᠡᠭᠦᠦ
      
         ᠭᠤᠷᠪᠠᠨ ᠣᠶ᠋ᠢᠷ᠎ᠠ
   ᠢᠯᠤᠷ ᠲᠡᠮᠦᠷ ᠬᠤᠪᠴᠠᠰᠤᠨ ᠳ᠋ᠠᠭᠠᠨ ᠣᠶ᠋ᠢᠷ᠎ᠠ
   ᠢᠷ ᠮᠡᠰᠡ ᠮᠢᠬᠠᠨ ᠳ᠋ᠠᠭᠠᠨ ᠣᠶ᠋ᠢᠷ᠎ᠠ
   ᠢᠰᠡᠭᠡᠢ ᠮᠠᠯᠠᠭᠠᠢ ᠲᠣᠯᠣᠭᠠᠢ ᠳ᠋ᠠᠭᠠᠨ ᠣᠶ᠋ᠢᠷ᠎ᠠ
      
          ᠭᠤᠷᠪᠠᠨ ᠬᠠᠷᠰᠢ
   ᠢᠰᠡᠭᠡᠢ ᠬᠠᠪᠲᠠᠬ᠋᠎ᠠ ᠲᠠᠰᠢᠶ᠎ᠠ ᠳ᠋ᠦ᠍ ᠬᠠᠷᠰᠢ
   ᠶᠡᠬᠡ ᠰᠠᠨᠠᠬ᠋᠎ᠠ ᠪᠡᠶ᠎ᠡ  ᠳ᠋ᠦ᠍ ᠬᠠᠷᠰᠢ
   ᠢᠲᠡᠭᠡᠨ ᠬᠡᠲᠦᠷᠡᠪᠡᠯ ᠬᠣᠲᠣᠭᠣᠲᠣ  ᠳ᠋ᠦ᠍ ᠬᠠᠷᠰᠢ
       
          ᠭᠤᠷᠪᠠᠨ ᠴᠢᠲᠠᠬᠤ ᠦᠭᠡᠢ
   ᠢᠯᠲᠦ ᠰᠡᠯᠡᠮ᠎ᠡ ᠬᠤᠷᠴᠠ ᠪᠣᠯᠪᠠᠴᠤ ᠤᠰᠤ ᠶ᠋ᠢ ᠲᠠᠰᠤᠯᠵᠤ ᠴᠢᠲᠠᠬᠤ ᠦᠭᠡᠢ
   ᠢᠲᠡ ᠬᠦᠴᠦ ᠶᠡᠬᠡ ᠪᠣᠯᠪᠠᠴᠤ ᠠᠯᠢᠪᠠ ᠶ᠋ᠢ ᠡᠷᠭᠢᠭᠦᠯᠵᠦ ᠴᠢᠲᠠᠬᠤ ᠦᠭᠡᠢ
   ᠢᠰᠡᠭᠡᠢ ᠭᠤᠲᠤᠯ ᠳᠤᠯᠠᠭᠠᠨ ᠪᠣᠯᠪᠠᠴᠤ ᠤᠰᠤ ᠶ᠋ᠢ ᠬᠣᠷᠢᠬᠯᠠᠵᠤ ᠴᠢᠲᠠᠬᠤ ᠦᠭᠡᠢ
       
          ᠭᠤᠷᠪᠠᠨ ᠰᠠᠶ᠋ᠢᠬᠠᠨ
   ᠢᠷᠥᠭᠡᠯ ᠮᠠᠭᠲᠠᠭᠠᠯ ᠲᠡᠢ ᠶᠠᠭᠤᠮ᠎ᠠ ᠰᠠᠶ᠋ᠢᠬᠠᠨ
   ᠢᠠᠠᠴᠢ ᠰᠠᠬᠤᠯᠢᠬ ᠣᠢ ᠰᠠᠶ᠋ᠢᠬᠠᠨ
   ᠢᠲᠡ ᠬᠦᠴᠦᠲᠡᠢ ᠬᠦᠮᠦᠨ ᠰᠠᠶ᠋ᠢᠬᠠᠨ

         ᠭᠤᠷᠪᠠᠨ ᠰᠠᠶ᠋ᠢᠨ
   ᠢᠪᠡᠭᠡᠯ ᠬᠠᠶ᠋ᠢᠷ᠎ᠠ ᠬᠦᠷᠲᠡᠪᠡᠯ ᠰᠠᠶ᠋ᠢᠨ
   ᠢᠲᠡᠪᠬᠢ ᠬᠦᠴᠦ ᠪᠡᠨ ᠡᠷᠴᠢᠯᠡᠪᠡᠯ ᠰᠠᠶ᠋ᠢᠨ
   ᠢᠲᠡᠭᠡᠯ ᠬᠦᠨᠲᠦ ᠶ᠋ᠢ ᠣᠯᠪᠠᠯ ᠰᠠᠶ᠋ᠢᠨ

        ᠭᠤᠷᠪᠠᠨ ᠰᠠᠶ᠋ᠢᠬᠠᠨ
   ᠢᠴᠢᠩᠭᠦᠷᠢ ᠰᠤᠨᠵᠢᠭᠤᠷᠢ ᠶ᠋ᠢ ᠮᠡᠳᠡᠭᠰᠡᠨ ᠬᠥᠮᠦᠨ ᠰᠠᠶ᠋ᠢᠬᠠᠨ
   ᠢᠵᠢᠯᠢᠰᠡᠭ᠋ ᠨᠠᠶ᠋ᠢᠷᠰᠠᠭ ᠊ᠢ ᠡᠷᠬᠢᠮᠯᠡᠭᠰᠡᠨ ᠨᠥᠬᠥᠷ ᠰᠠᠶ᠋ᠢᠬᠠᠨ
   ᠢᠷᠠᠯᠵᠠᠨ ᠮᠢᠷᠠᠯᠵᠠᠵᠤ ᠳᠡᠯᠭᠡᠷᠡᠭᠰᠡᠨ ᠴᠡᠴᠡᠭ ᠰᠠᠶ᠋ᠢᠬᠠᠨ

        ᠭᠤᠷᠪᠠᠨ ᠴᠢᠮᠡᠭ
   ᠢᠷᠠᠭᠤ ᠠᠯᠲᠠᠷ ᠪᠡᠶ᠎ᠡ  ᠳ᠋ᠦ᠍ ᠴᠢᠮᠡᠭ
   ᠢᠷᠭᠤᠢ ᠴᠡᠴᠡᠭ ᠲᠠᠯ᠎ᠠ  ᠳ᠋ᠦ᠍ ᠴᠢᠮᠡᠭ
   ᠢᠯᠲᠦ ᠰᠡᠯᠡᠮ᠎ᠡ ᠲᠠᠰᠢᠶᠠᠨ  ᠳ᠋ᠦ᠍ ᠴᠢᠮᠡᠭ

         ᠭᠤᠷᠪᠠᠨ ᠴᠣᠬᠣᠷ
   ᠢᠩ ᠲᠣᠭᠣᠷᠢᠬᠰᠠᠨ ᠪᠤᠲᠠᠬ᠋᠎ᠠ ᠨᠢᠭᠡ ᠴᠣᠬᠣᠷ
   ᠢᠯᠠᠬ᠋᠎ᠠ ᠰᠠᠭᠤᠭᠰᠠᠨ ᠰᠢᠯ ᠨᠢᠭᠡ ᠴᠣᠬᠣᠷ
   ᠶᠠᠷᠭᠠᠴᠢ ᠶᠠᠪᠤᠭᠰᠠᠨ ᠵᠠᠮ ᠨᠢᠭᠡ ᠴᠣᠬᠣᠷ

          ᠭᠤᠷᠪᠠᠨ ᠪᠤᠷᠤᠭᠤ
   ᠢᠲᠡᠬᠦ ᠶ᠋ᠢ ᠦᠵᠡᠪᠡᠯ ᠥᠯᠥᠰᠬᠦ ᠨᠢᠭᠡ ᠪᠤᠷᠤᠭᠤ
   ᠡᠮᠦᠰᠬᠦ ᠶ᠋ᠢ ᠦᠵᠡᠪᠡᠯ ᠳᠠᠭᠠᠷᠠᠬᠤ ᠨᠢᠭᠡ ᠪᠤᠷᠤᠭᠤ
   ᠡᠮᠡᠰ ᠊ᠢ ᠦᠵᠡᠪᠡᠯ ᠵᠠᠪᠬᠠᠶ᠋ᠢᠷᠠᠬᠤ ᠨᠢᠭᠡ ᠪᠤᠷᠤᠭᠤ

  ᠦᠰᠦᠭ ᠠᠮᠢᠯᠠᠭᠤᠯᠤᠭᠴᠢ ᠄    ᠳ᠋ᠦ᠋ᠩ ᠹᠧᠩ ᠂  ᠮᠢᠩᠭᠠᠳ ᠴᠢᠮᠡᠭ ᠂  ᠬᠠᠷᠠᠨᠤᠳ ᠲᠤᠶᠠᠭ᠎ᠠ 
          ᠬᠢᠨᠠᠭᠴᠢ ᠄   ᠮᠢᠩᠭᠠᠳ ᠴᠢᠮᠡᠭ ᠂   ᠬᠠᠷᠠᠨᠤᠳ ᠲᠤᠶᠠᠭ᠎ᠠ