3-07ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠬᠠᠮᠠᠷ ᠤ᠋ᠨ ᠡᠪᠡᠳᠴᠢᠨ ᠊ᠢ ᠵᠠᠰᠠᠬᠤ ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. 3-07ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠬᠠᠮᠠᠷ ᠤ᠋ᠨ ᠡᠪᠡᠳᠴᠢᠨ ᠊ᠢ ᠵᠠᠰᠠᠬᠤ

3-07ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠬᠠᠮᠠᠷ ᠤ᠋ᠨ ᠡᠪᠡᠳᠴᠢᠨ ᠊ᠢ ᠵᠠᠰᠠᠬᠤ

ᠠᠩᠭᠢᠯᠠᠯ:ᠡᠷᠡᠭᠦᠯ ᠡᠩᠬᠡ
2023-05-15

328

ᠬᠠᠮᠠᠷ ᠤ᠋ᠨ ᠡᠪᠡᠳᠴᠢᠨ ᠊ᠢ ᠵᠠᠰᠠᠬᠤ

  ᠬᠠᠮᠠᠷ ᠤ᠋ᠨ ᠡᠪᠡᠳᠴᠢᠨ ᠢᠨᠤ ᠠᠭᠤᠰᠬᠢᠨ ᠬᠡᠢ ᠬᠢᠭᠡᠳ ᠪᠤᠵᠠᠷ ᠦᠨᠦᠷ ᠠᠮᠲᠠ ᠠ᠋ᠴᠠ ᠪᠣᠯᠤᠮᠤᠢ᠃ ᠬᠠᠮᠠᠷ ᠤ᠋ᠨ ᠴᠢᠰᠤ᠂ ᠠᠭᠤᠰᠬᠢᠨ ᠬᠠᠯᠠᠭᠤᠨ᠂ ᠬᠠᠳᠬᠤᠯᠭ᠎ᠠ ᠶ᠋ᠢᠨ ᠬᠠᠯᠠᠭᠤᠨ ᠠᠯᠳᠠᠭᠳᠠᠭᠰᠠᠨ ᠠ᠋ᠴᠠ ᠪᠣᠯᠤᠮᠤᠢ
ᠬᠠᠮᠠᠷ ᠪᠥᠭᠯᠡᠷᠡᠪᠡᠰᠦ ᠶᠦᠩᠸ᠋᠎ᠠ᠂ ᠳ᠋ᠣᠩᠷᠣᠢ ᠵᠠᠽᠤᠢ᠂ ᠴᠠᠭᠠᠨ ᠽᠠᠨᠳᠠᠨ᠂ ᠭᠤᠷᠪᠠᠨ ᠦᠷ᠎ᠡ ᠶ᠋ᠢ ᠨᠠᠶ᠋ᠢᠷᠠᠭᠤᠯᠤᠭᠠᠳ ᠭᠠᠯ ᠳ᠋ᠤᠷ ᠲᠦᠯᠡᠨ ᠤᠲᠤᠭ᠎ᠠ ᠪᠠᠷ ᠤᠲᠤᠪᠠᠰᠤ ᠲᠤᠰᠠᠯᠠᠨ᠎ᠠ᠃ ᠪᠢᠪᠢᠯᠢᠩ᠂ ᠶᠸᠷᠮ᠎ᠡ ᠷᠦᠳᠠ ᠽᠢᠳᠷᠠᠭ᠎ᠠ ᠳ᠋ᠦ᠋ᠷᠵᠢᠳ ᠊ᠢ ᠨᠢᠭᠲᠠ ᠲᠠᠯᠬᠠᠳᠠᠵᠤ ᠬᠠᠮᠠᠷ ᠲᠤᠨᠢ ᠲᠠᠲᠠᠭᠤᠯᠪᠠᠯ ᠪᠦᠭᠯᠡᠷᠡᠭᠰᠡᠨ ᠊ᠢ ᠠᠷᠢᠯᠭᠠᠨ᠎ᠠ᠃
ᠬᠠᠮᠠᠷ ᠤ᠋ᠨ ᠴᠢᠰᠤ ᠠᠯᠳᠠᠷᠠᠭᠰᠠᠨ ᠳ᠋ᠤ᠌᠂ ᠡᠷ᠎ᠡ ᠬᠥᠮᠦᠨ ᠦ᠌ ᠢᠮ ᠬᠢᠭᠡᠳ ᠡᠮ᠎ᠡ ᠬᠥᠮᠦᠨ ᠦ᠌ ᠬᠥᠬᠥᠨ ᠢᠷᠣᠭᠠᠷ ᠊ᠢ ᠪᠤᠭᠤ᠃ ᠵᠤᠯᠠᠢ ᠶ᠋ᠢᠨ ᠣᠷᠣᠢ ᠶ᠋ᠢ ᠬᠦᠢᠲᠡᠨ ᠤᠰᠤ ᠪᠠᠷ ᠱᠠᠪᠰᠢ᠃ ᠡᠭᠦᠨ ᠢ᠋ᠶ᠋ᠡᠷ ᠡᠰᠡ ᠲᠤᠰᠠᠯᠠᠪᠠᠰᠤ ᠲᠡᠮᠡᠭᠡᠨ ᠨᠣᠣᠰᠣ ᠬᠢᠭᠡᠳ ᠡᠷ᠎ᠡ ᠰᠦᠷᠡᠯ ᠦ᠋ᠨ ᠬᠢᠷᠪᠤᠰᠤ ᠪᠠᠷ ᠤᠲᠤᠭᠤᠯ᠃ ᠤᠤᠭᠤᠬᠤ ᠡᠮ᠄ ᠪᠡᠷᠢᠮᠦᠭ  ᠬᠤᠸᠠᠩᠽᠠ ᠽᠤᠸᠮᠤ ᠳ᠋ᠤᠸᠮᠤ ᠳ᠋ᠤᠮᠷᡁᠢ ᠵᠠᠽᠤᠢ ᠽᠣᠳ ᠪᠠᠱᠠᠭ᠎ᠠ ᠶ᠋ᠢᠨ ᠳᠠᠩ ᠢ᠋ᠶ᠋ᠠᠷ ᠰᠠᠢᠨ ᠪᠡᠬᠡ ᠬᠣᠨᠢᠨ ᠬᠣᠷᠭᠣᠯ ᠤ᠋ᠨ ᠲᠡᠳᠦᠢ ᠶ᠋ᠢ ᠳᠠᠷᠤᠭᠤᠯᠤᠨ ᠦᠭᠪᠡᠰᠦ ᠬᠠᠮᠠᠷ ᠤ᠋ᠨ ᠴᠢᠰᠤ ᠳᠠᠯᠠᠢ ᠮᠡᠲᠦ ᠶ᠋ᠢ ᠴᠦ᠍ ᠲᠤᠰᠠᠯᠠᠬᠤ ᠪᠣᠯᠠᠢ᠃ ᠪᠠᠰᠠ ᠴᠤ᠌ ᠡᠯᠵᠢᠭᠡᠨ ᠬᠣᠮᠣᠯ ᠤ᠋ᠨ ᠦᠨᠡᠰᠦ ᠶ᠋ᠢ ᠬᠠᠮᠠᠷ ᠲᠤᠨᠢ ᠲᠠᠲᠠᠭᠤᠯ᠃ ᠨᠤᠶ᠋ᠢᠲᠠᠨ ᠬᠣᠮᠣᠯ ᠢ᠋ᠶ᠋ᠠᠷ ᠪᠥᠭᠯᠡᠪᠡᠯ ᠮᠠᠭᠠᠳ ᠲᠤᠰᠠᠯᠠᠮᠤᠢ᠃ ᠲᠡᠭᠦᠨ ᠢ᠋ᠶ᠋ᠡᠷ ᠡᠰᠡ ᠵᠣᠭᠰᠣᠪᠠᠰᠤ ᠭᠠᠷ ᠤ᠋ᠨ ᠷᠦᠲ᠋ᠦᠢ᠍ᠩ ᠊ᠢ ᠬᠠᠨᠠ᠃ ᠠᠯᠢᠨ ᠴᠤ᠌ ᠡᠰᠡ ᠲᠤᠰᠠᠯᠠᠪᠠᠰᠤ ᠮᠥᠨ ᠲᠡᠭᠦᠨ ᠦ᠌ ᠴᠢᠰᠤ ᠶ᠋ᠢ ᠬᠠᠭᠤᠷᠴᠤ ᠤᠤᠭᠤᠯᠭ᠎ᠠ  ᠬᠣᠶᠠᠷ ᠱᠠᠭ᠎ᠠ ᠶ᠋ᠢ ᠬᠦᠢᠲᠡᠨ ᠤᠰᠤᠨ ᠳ᠋ᠤ᠌ ᠣᠷᠣᠭᠤᠯᠪᠠᠰᠤ ᠮᠠᠭᠠᠳ ᠵᠣᠭᠰᠣᠭᠠᠮᠤᠢ
ᠶᠡᠬᠡ ᠬᠠᠮᠠᠷ ᠬᠡᠮᠡᠬᠦ ᠤᠯᠠᠭᠠᠨ ᠭᠦᠪᠳᠦᠷᠦᠦ ᠭᠠᠷᠪᠠᠰᠤ ᠮᠣᠭᠠᠢ᠂ ᠬᠤᠯᠤᠭᠠᠨ᠎ᠠ ᠶ᠋ᠢᠨ ᠴᠢᠰᠤ ᠶ᠋ᠢ ᠬᠣᠯᠢᠵᠤ ᠳᠠᠬᠢᠨ ᠳᠠᠬᠢᠨ ᠰᠥᠷᠴᠢ᠃ ᠲᠤᠤᠹᠢᠯᠠᠩ ᠬᠢᠭᠡᠳ ᠭᠤᠷᠪᠠᠨ ᠦᠷ᠎ᠡ ᠶ᠋ᠢᠨ ᠳᠠᠩ ᠊ᠢ ᠨᠢᠭᠡ ᠰᠠᠷ᠎ᠠ ᠰᠢᠲᠦᠭᠦᠯᠪᠡᠯ ᠮᠠᠭᠠᠳ ᠡᠳᠡᠭᠡᠷᠡᠨ᠎ᠡ᠃ ᠬᠤᠷᠢᠴᠠᠯ ᠣᠯᠠᠳᠠᠪᠠᠰᠤ ᠳᠠᠷᠤᠢ ᠭᠠᠷᠬᠤ ᠪᠣᠯᠠᠢ

   ᠦᠰᠦᠭ ᠠᠮᠢᠯᠠᠭᠤᠯᠤᠭᠴᠢ  ᠦᠯᠵᠡᠶ᠋ᠢᠪᠠᠭᠠᠲᠤᠷ
   ᠬᠢᠨᠠᠭᠰᠠᠨ ᠨᠢ ᠄ ᠤᠤᠠᠬᠠᠨᠰᠤ᠎ᠡ