ᠳᠣᠯᠣᠭᠠᠨ ᠪᠣᠷᠣ ᠣᠭᠣᠲᠣᠨ᠎ᠠ ᠪᠤᠶᠤ ᠳᠣᠯᠣᠭᠠᠨ ᠲᠡᠢᠨ ᠢᠯᠭᠠᠯДолоон бор оготно буюу долоон дайн ялгал ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠣᠯᠣᠭᠠᠨ ᠪᠣᠷᠣ ᠣᠭᠣᠲᠣᠨ᠎ᠠ ᠪᠤᠶᠤ ᠳᠣᠯᠣᠭᠠᠨ ᠲᠡᠢᠨ ᠢᠯᠭᠠᠯДолоон бор оготно буюу долоон дайн ялгал

ᠳᠣᠯᠣᠭᠠᠨ ᠪᠣᠷᠣ ᠣᠭᠣᠲᠣᠨ᠎ᠠ ᠪᠤᠶᠤ ᠳᠣᠯᠣᠭᠠᠨ ᠲᠡᠢᠨ ᠢᠯᠭᠠᠯДолоон бор оготно буюу долоон дайн ялгал

2023-05-15

249

ᠳᠣᠯᠣᠭᠠᠨ ᠪᠣᠷᠣ ᠣᠭᠣᠲᠣᠨ᠎ᠠ ᠪᠤᠶᠤ ᠳᠣᠯᠣᠭᠠᠨ ᠲᠡᠢᠨ ᠢᠯᠭᠠᠯ

ᠡᠷᠲᠡ ᠤᠷᠢᠳᠤ ᠴᠠᠭ ᠲᠤ᠌
ᠡᠮᠡᠭᠡᠯ ᠦ᠋ᠨ ᠴᠢᠨᠡᠭᠡᠨ ᠭᠠᠵᠠᠷ ᠲᠤ᠌
ᠠᠬ᠎ᠠ ᠳᠡᠭᠦᠦ ᠳᠣᠯᠣᠭᠠᠨ ᠣᠭᠣᠲᠣᠨ᠎ᠠ
ᠠᠮᠢᠳᠤᠷᠠᠨ ᠰᠠᠭᠤᠳᠠᠭ ᠪᠠᠶ᠋ᠢᠵᠠᠢ
ᠳᠣᠣᠷ᠎ᠠ ᠪᠦᠷᠢ ᠳ᠋ᠡᠭᠡᠨ ᠨᠡᠷ᠎ᠡ ᠲᠡᠢ
ᠨᠢᠭᠡᠳᠦᠭᠡᠷ ᠲᠦ᠍ ᠭᠠᠷᠤᠭᠰᠠᠨ ᠣᠭᠣᠲᠣᠨ᠎ᠠ ᠶ᠋ᠢ
ᠨᠡᠷᠡᠯᠡᠬᠦ ᠭᠡᠨ᠎ᠡ
ᠬᠠᠷᠢᠨ ᠳᠠᠷᠠᠭ᠎ᠠ ᠶ᠋ᠢᠨ ᠣᠭᠣᠲᠣᠨ᠎ᠠ ᠶ᠋ᠢ
ᠬᠠᠷᠢᠶᠠᠯᠠᠬᠤ ᠭᠡᠨ᠎ᠡ
ᠥᠷᠪᠥᠭᠡᠷ ᠵᠢᠭᠠᠬᠠᠨ ᠭᠤᠷᠪᠠᠳᠠᠬᠢ ᠶ᠋ᠢ
ᠥᠭᠬᠦ ᠣᠷᠣᠰᠢᠬᠤ ᠭᠡᠨ᠎ᠡ
ᠵᠠᠷᠠᠭ᠎ᠠ ᠰᠢᠭ᠋ ᠠᠷᠵᠠᠭᠠᠷ ᠦᠰᠦ ᠲᠡᠢ ᠶ᠋ᠢ ᠨᠢ
ᠵᠢᠭᠠᠬᠤ
ᠭᠠᠷᠴᠤ ᠭᠦᠶᠦᠭᠡᠳ ᠲᠣᠭᠲᠠᠳᠠᠭ ᠦᠭᠡᠢ ᠶ᠋ᠢ ᠨᠢ
ᠭᠠᠷᠬᠤ
ᠦᠨᠳᠦᠰᠦ ᠰᠠᠢᠨ ᠮᠠᠯᠲᠠᠳᠠᠭ ᠊ᠢ ᠨᠢ
ᠦᠢᠯᠡᠳᠬᠦ
ᠬᠠᠮᠤᠭ ᠤ᠋ᠨ ᠵᠢᠭᠠᠬᠠᠨ ᠣᠭᠣᠲᠣᠨ᠎ᠠ ᠶ᠋ᠢ
ᠬᠠᠮᠲᠤᠷᠠᠬᠤ ᠭᠡᠳᠡᠭ ᠪᠠᠶ᠋ᠢᠵᠠᠢ
ᠭᠠᠭᠴᠠᠭᠠᠷ ᠭᠠᠷᠤᠭᠠᠳ ᠶᠠᠪᠤᠬᠤ ᠳ᠋ᠠᠭᠠᠨ
ᠭᠠᠵᠠᠷ ᠭᠡᠷ ᠢ᠋ᠶ᠋ᠡᠨ ᠣᠯᠬᠤ ᠦᠭᠡᠢ
ᠲᠠᠭᠤᠵᠤ ᠲᠥᠭᠡᠷᠢᠳᠡᠭ ᠪᠣᠯᠬᠣᠷ ᠨᠢ
ᠲᠡᠭᠡᠵᠦ ᠨᠠᠷᠠᠯᠠᠭᠰᠠᠨ ᠶᠤᠮ ᠰᠠᠨᠵᠠᠢ
ᠲᠡᠶ᠋ᠢᠨ ᠢᠯᠭᠠᠯ ᠤ᠋ᠨ ᠨᠡᠷ᠎ᠡ ᠲᠡᠢ
ᠲᠡᠶ᠋ᠢᠮᠦ ᠳᠣᠯᠣᠭᠠᠨ ᠣᠭᠣᠲᠣᠨ᠎ᠠ
ᠡᠪ ᠲᠡᠢ ᠨᠠᠶ᠋ᠢᠷ ᠲᠠᠢ ᠠᠮᠢᠳᠤᠷᠠᠨ
ᠡᠷᠢᠨ ᠵᠢᠷᠠᠨ ᠊ᠢ ᠡᠯᠡᠭᠡᠵᠡᠢ
ᠭᠡᠲᠡᠯ᠎ᠡ ᠨᠢᠭᠡᠨ ᠡᠳᠦᠷ
ᠭᠡᠨᠡᠳᠲᠡ ᠶ᠋ᠢᠨ ᠶᠠᠭᠤᠮ᠎ᠠ ᠪᠣᠯᠵᠠᠢ
ᠠᠯᠠᠭᠠᠨ ᠤ᠋ ᠴᠢᠨᠡᠭᠡᠨ ᠭᠠᠵᠠᠷ ᠳᠡᠭᠡᠷ᠎ᠡ ᠨᠢ
ᠠᠳᠬᠤ ᠶ᠋ᠢᠨ ᠴᠢᠨᠡᠭᠡᠨ ᠴᠠᠰᠤ ᠣᠷᠣᠵᠠᠢ
ᠴᠠᠰᠤ ᠪᠠᠨ ᠴᠡᠪᠡᠷᠯᠡᠵᠦ ᠪᠠᠶ᠋ᠢᠭᠠᠳ
ᠱᠠᠭ᠎ᠠ ᠶ᠋ᠢᠨ ᠴᠢᠨᠡᠭᠡᠨ
ᠰᠢᠷ᠎ᠠ ᠲᠣᠰᠣ ᠣᠯᠵᠠᠢ
ᠨᠢᠭᠡᠳᠦᠭᠡᠷ ᠣᠭᠣᠲᠣᠨ᠎ᠠ ᠲᠡᠭᠦᠨ ᠊ᠢ
ᠨᠢᠭᠡ ᠲᠣᠮᠣ ᠬᠠᠵᠠᠵᠠᠢ
ᠬᠠᠷᠢᠶᠠᠯᠠᠬᠤ ᠨᠡᠷ᠎ᠡ ᠲᠡᠢ ᠨᠢ
ᠮᠢᠨᠦ ᠭᠡᠳ ᠳᠠᠭᠠᠷᠢᠬᠤ ᠳ᠋ᠤ᠌
ᠬᠠᠷᠢᠨ ᠳᠠᠷᠠᠭ᠎ᠠ ᠶ᠋ᠢᠨ ᠣᠭᠣᠲᠣᠨ᠎ᠠ ᠨᠢ
ᠨᠠᠳᠠ ᠳ᠋ᠤ᠌ ᠭᠡᠳ ᠪᠤᠯᠢᠶᠠᠯᠳᠤᠵᠠᠢ
ᠵᠠᠷᠠᠭ᠎ᠠ ᠰᠢᠭ᠋ ᠠᠷᠵᠠᠭᠠᠷ ᠦᠰᠦ ᠲᠡᠢ
ᠵᠢᠭᠠᠬᠠᠨ ᠨᠡᠷ᠎ᠡ ᠲᠡᠢ ᠣᠭᠣᠲᠣᠨ᠎ᠠ ᠨᠢ
ᠲᠡᠭᠦᠨ ᠊ᠢ ᠦᠯᠡᠳᠡᠭᠡᠴᠢᠬᠡᠯ᠎ᠡ ᠭᠡᠳ
ᠲᠦᠨᠲᠦᠭᠡᠷ ᠳᠡᠭᠦᠦ ᠪᠡᠨ ᠵᠢᠭᠠᠵᠠᠢ
ᠭᠠᠷᠴᠤ ᠭᠦᠶᠦᠭᠡᠳ ᠲᠣᠭᠲᠠᠳᠠᠭ ᠦᠭᠡᠢ
ᠭᠠᠷᠬᠤ ᠨᠡᠷ᠎ᠡ ᠲᠡᠢ ᠳᠡᠭᠦᠦ ᠨᠢ
ᠭᠠᠷ ᠠ᠋ᠴᠠ ᠪᠤᠯᠢᠶᠠᠯ᠎ᠠ ᠭᠡᠳ
ᠭᠠᠵᠠᠷ ᠰᠠᠪᠠᠭᠠᠳ ᠤᠨᠠᠴᠢᠬᠠᠪᠠ
ᠦᠢᠯᠡ ᠠᠵᠢᠯ ᠳ᠋ᠤ᠌ ᠳᠤᠷ᠎ᠠ ᠲᠠᠢ
ᠦᠢᠯᠡᠳᠬᠦ ᠨᠡᠷ᠎ᠡ ᠲᠡᠢ ᠳᠡᠭᠦᠦ ᠨᠢ
ᠲᠣᠰᠣ ᠪᠠᠷ ᠶᠠᠭᠠᠬᠢᠬᠤ ᠪᠢᠯᠡ ᠭᠡᠳ
ᠲᠣᠭᠣᠬᠤ ᠴᠤ᠌ ᠦᠭᠡᠢ ᠰᠠᠭᠤᠯ᠎ᠠ
ᠬᠠᠮᠲᠤᠷᠠᠬᠤ ᠭᠡᠳᠡᠭ ᠨᠡᠷ᠎ᠡ ᠲᠡᠢ
ᠬᠠᠮᠤᠭ ᠤ᠋ᠨ ᠪᠠᠭ᠎ᠠ ᠳᠡᠭᠦᠦ ᠨᠢ
ᠨᠠᠳᠠ ᠲᠠᠢ ᠬᠤᠪᠢᠶᠠᠭᠰᠠᠨ ᠦᠭᠡᠢ ᠭᠡᠳ
ᠨᠢᠯ ᠱᠠᠯ ᠤᠬᠢᠯᠠᠯ᠎ᠠ
ᠠᠳᠬᠤ ᠶ᠋ᠢᠨ ᠴᠢᠨᠡᠭᠡᠨ ᠴᠠᠰᠤ ᠴᠤ᠌
ᠠᠷᠢᠯᠤᠭᠠᠳ ᠠᠯᠠᠭ᠎ᠠ ᠪᠣᠯᠪᠠ
ᠱᠠᠭ᠎ᠠ ᠶ᠋ᠢᠨ ᠴᠢᠨᠡᠭᠡᠨ ᠲᠣᠰᠣ ᠴᠤ᠌
ᠱᠠᠯᠢᠬᠤ ᠶᠠᠭᠤᠮ᠎ᠠ ᠦᠭᠡᠢ ᠳᠠᠭᠤᠰᠪᠠ ᠃

   ᠦᠰᠦᠭ ᠠᠮᠢᠯᠠᠭᠤᠯᠤᠭᠴᠢ ᠄ ᠰᠡᠴᠡᠨᠴᠢᠮᠡᠭ
   ᠬᠢᠨᠠᠭᠴᠢ ᠄ ᠱᠠᠭᠰᠠᠯ