ᠴᠢ ᠥᠪᠡᠷ ᠢ᠋ᠶ᠋ᠡᠨ ᠪᠤᠷᠬᠠᠨ- ᠠ᠂ ᠫᠣᠩᠰᠣᠭЧи өөрөө бурхан-а, понсг
ᠴᠢ ᠥᠪᠡᠷ ᠢ᠋ᠶ᠋ᠡᠨ ᠪᠤᠷᠬᠠᠨ
ᠠ᠂ ᠫᠣᠩᠰᠣᠭ
ᠥᠪᠡᠷ ᠦ᠋ᠨ ᠪᠡᠶ᠎ᠡ ᠪᠡᠨ ᠴᠢ ᠪᠤᠷᠬᠠᠨ ᠭᠡᠵᠦ ᠰᠠᠨᠠ
ᠥᠷᠥᠭᠡᠯ ᠪᠤᠰᠤᠳ ᠤ᠋ᠨ ᠵᠣᠪᠠᠯᠠᠩ ᠊ᠢ ᠥᠷᠦᠪᠳᠦᠵᠦ ᠬᠠᠶ᠋ᠢᠷᠠᠯᠠ
ᠡᠪᠡᠳᠴᠢᠨ ᠲᠡᠢ ᠦᠶ᠎ᠡ ᠳ᠋ᠦ᠍ᠨᠢ ᠤᠷᠮ᠎ᠠ ᠶ᠋ᠢᠨ ᠦᠭᠡ ᠪᠡᠷ ᠲᠡᠳᠬᠦ
ᠥᠷᠢ ᠲᠡᠢ ᠦᠶ᠎ᠡ ᠳ᠋ᠦ᠍ᠨᠢ ᠮᠥᠩᠭᠥ ᠲᠥᠭᠥᠷᠢᠭ ᠢ᠋ᠶ᠋ᠡᠷ ᠲᠤᠰᠠᠯᠠ
ᠥᠨᠥᠴᠢᠷᠡᠭᠰᠡᠨ ᠦᠶ᠎ᠡ ᠳ᠋ᠦ᠍ᠨᠢ ᠰᠡᠳᠬᠢᠯ ᠦ᠋ᠨ ᠳᠠᠮ ᠥᠭ
ᠥᠯᠥᠰᠦᠭᠰᠡᠨ ᠦᠶ᠎ᠡ ᠳ᠋ᠦ᠍ᠨᠢ ᠠᠶᠠᠭ᠎ᠠ ᠴᠠᠢ ᠴᠦ᠍ ᠥᠭᠴᠦ ᠪᠠᠢ
ᠥᠩᠭᠡᠲᠦ ᠬᠣᠷᠸ᠋᠎ᠠ ᠭᠡᠳᠡᠭ ᠣᠷᠣᠰᠢᠯ ᠦᠭᠡᠢ ᠣᠷᠣᠨ ᠵᠠᠢ ᠰᠢᠦ
ᠥᠨᠥᠳᠥᠷ ᠲᠡᠷᠡ ᠭᠠᠴᠢᠭᠳᠠᠵᠤ ᠪᠠᠶ᠋ᠢᠨ᠎ᠠ᠂ ᠮᠠᠷᠭᠠᠰᠢ ᠴᠢ ᠴᠦ᠍ ᠵᠣᠪᠠᠬᠤ ᠶᠤᠮ
ᠪᠢᠯᠡ ᠊ᠤᠤ
ᠥᠭᠯᠢᠭᠡ ᠦᠭᠭᠦᠭᠰᠡᠨ ᠶᠦ᠍ᠮ ᠪᠣᠯ ᠬᠠᠷᠢᠭᠤ ᠪᠢᠲᠡᠭᠡᠢ ᠨᠡᠬᠡ
ᠡᠳᠦᠷ ᠬᠣᠨᠣᠭ ᠤ᠋ᠨ ᠤᠳᠠᠭᠠᠨ ᠳ᠋ᠠᠭᠠᠨ
ᠬᠥᠮᠦᠰ ᠲᠠᠨ ᠳ᠋ᠤ᠌ ᠲᠠᠯᠠᠷᠬᠠᠬᠤ ᠶᠤᠮ
ᠥᠩᠭᠡᠷᠡᠭᠰᠡᠨ ᠭᠠᠪᠢᠶ᠎ᠠ ᠪᠠᠨ ᠪᠠᠶ᠋ᠢᠨ ᠳᠠᠬᠢᠨ ᠪᠢᠲᠡᠭᠡᠢ ᠲᠣᠭᠠᠴᠠ
ᠥᠰᠢᠶᠡᠲᠡᠨ ᠬᠥᠮᠦᠨ ᠴᠦ᠍ ᠭᠡᠰᠡᠨ ᠴᠢᠮᠠᠶ᠋ᠢ ᠭᠤᠶᠤᠬᠤ ᠴᠠᠭ ᠢᠷᠡᠨ᠎ᠡ
ᠥᠷᠭᠡᠰᠦ ᠲᠡᠢ ᠦᠭᠡ ᠪᠡᠷ ᠨᠢᠭᠡᠨ ᠢ᠋ᠶ᠋ᠡᠨ ᠪᠢᠲᠡᠭᠡᠢ ᠳᠠᠭᠠᠷᠢ
ᠥᠭᠡᠳᠡ ᠠ᠋ᠴᠠ ᠴᠢᠨᠢ ᠵᠢᠳᠠ ᠪᠣᠯᠵᠤ ᠵᠢᠷᠦᠬᠡ ᠶ᠋ᠢ ᠴᠢᠨᠢ ᠰᠢᠷᠬᠠᠲᠤᠭᠤᠯᠬᠤ ᠴᠤ᠌ ᠪᠣᠢ
ᠥᠭᠭᠦᠭᠡ ᠲᠡᠢ ᠠᠪᠤᠭ᠎ᠠ ᠲᠠᠢ ᠬᠣᠷᠸ᠋᠎ᠠ ᠳ᠋ᠤ᠌ ᠦᠨᠡᠨ
ᠬᠤᠳᠠᠯ ᠵᠡᠷᠭᠡᠴᠡᠨ᠎ᠡ
ᠥᠩᠭᠡᠲᠦ ᠡᠨᠡ ᠶᠢᠷᠲᠢᠨᠴᠦ ᠳ᠋ᠦ᠍ ᠡᠳᠦᠷ ᠰᠥᠨᠢ ᠲᠡᠩᠴᠡᠨ᠎ᠡ
ᠦᠭᠡᠶ᠋ᠢᠭᠦᠦ ᠪᠠᠶᠠᠨ ᠬᠣᠶᠠᠷ ᠦᠵᠡᠬᠦ ᠳ᠋ᠦ᠍ ᠢᠯᠭᠠᠭ᠎ᠠ ᠲᠠᠢ ᠰᠢᠭ᠋ ᠴᠦ᠍
ᠦᠬᠦᠵᠦ ᠣᠳᠬᠤ ᠶ᠋ᠢᠨ ᠴᠠᠭ ᠲᠤ᠌ ᠨᠢᠭᠡᠨ ᠠᠳᠠᠯᠢ ᠪᠤᠶᠤ !
2021. 03.09 ᠤᠯᠠᠭᠠᠨᠪᠠᠭᠠᠲᠤᠷ
ᠦᠰᠦᠭ ᠠᠮᠢᠯᠠᠭᠤᠯᠤᠭᠴᠢ᠄ ᠠᠭᠤᠯᠠ
ᠬᠢᠨᠠᠭᠴᠢ ᠪᠠᠭᠰᠢ᠄ ᠱᠠᠭᠰᠠᠯ
