ᠰᠡᠳᠬᠢᠯ ᠬᠦᠨᠳᠦ ᠤᠯᠠᠷᠢᠯ - ᠲ ᠂ ᠭᠣᠮᠪᠣᠵᠠᠪ Сэтгэл хүнд улирал - Т ᠂ Гомбожав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠳᠬᠢᠯ ᠬᠦᠨᠳᠦ ᠤᠯᠠᠷᠢᠯ - ᠲ ᠂ ᠭᠣᠮᠪᠣᠵᠠᠪ Сэтгэл хүнд улирал - Т ᠂ Гомбожав

ᠰᠡᠳᠬᠢᠯ ᠬᠦᠨᠳᠦ ᠤᠯᠠᠷᠢᠯ - ᠲ ᠂ ᠭᠣᠮᠪᠣᠵᠠᠪ Сэтгэл хүнд улирал - Т ᠂ Гомбожав

2023-05-15

235

ᠰᠡᠳᠬᠢᠯ ᠬᠦᠨᠳᠦ ᠤᠯᠠᠷᠢᠯ


             ᠲ ᠂  ᠭᠣᠮᠪᠣᠵᠠᠪ 

 ᠴᠡᠴᠡᠭᠲᠦ ᠡᠷᠡᠨ ᠴᠢᠨᠢ ᠥᠩᠭᠡᠷᠡᠨ ᠬᠣᠯᠠᠤᠠᠴᠤ
 ᠴᠢᠨᠦ ᠵᠡᠭᠦᠲᠦᠨ ᠪ ᠴᠢᠨᠢ ᠶᠠᠭᠠᠨ ᠡᠩᠭᠡᠰᠬᠡ
 ᠡᠲᠦᠷ ᠡᠴᠡ ᠡᠲᠦᠷ ᠬᠠᠭᠵᠠᠷᠠᠵᠤ ᠪᠠᠶ᠋ᠢᠯ᠎ᠠ
 ᠪᠢ ᠡᠷᠪᠡᠬᠡᠢ ᠪᠢᠰᠢ ᠡ
 ᠬᠦᠰᠡᠬᠦᠢ ᠶ᠋ᠢᠨ ᠣᠯᠠᠨ ᠥᠭᠦᠯᠡᠪᠦᠷᠢ ᠨᠤᠭᠦᠳ ᠊ᠢ 
 ᠬᠦᠷᠡᠩ ᠦᠬᠡᠷ ᠰᠢᠭ᠌
 ᠨᠠᠮᠤᠷ ᠦ᠋ᠨ ᠨᠠᠷᠠ ᠴᠢᠷᠦᠨ ᠴᠠᠰᠢᠯᠠᠵᠤ 
 ᠮᠥᠷ ᠨᠢ
 ᠮᠥᠷᠥᠭᠡᠲᠦᠯ ᠦ᠋ᠨ ᠴᠤᠪᠤᠬ᠋᠎ᠠ ᠴᠢᠭ᠌ ᠦ᠋ᠳ ᠲᠡᠭᠦᠰᠬᠦ ᠦᠭᠡᠢ ᠡ
 ᠬᠥᠭᠡᠷᠦᠬᠦᠢ ᠳᠡᠯᠡᠬᠡᠢ ᠶ᠋ᠢᠨ ᠴᠢᠨᠢ 
 ᠬᠥ ᠦᠭᠡᠢ ᠭᠡᠭᠡᠪᠴᠢ ᠪᠡᠷ 
 ᠤᠯᠠᠷᠢᠯ ᠦ᠋ᠨ ᠰᠢᠷᠭᠠᠯᠬᠠᠨ ᠪᠣᠲᠣᠯ 
 ᠵᠡᠭᠦᠲᠦ ᠰᠢᠩᠭᠡᠨ ᠰᠡᠩᠰᠡᠷᠡᠵᠦ
 ᠨᠢᠭᠤᠴᠠᠬᠠᠨ ᠵᠢᠵᠢᠭ ᠡᠭᠦᠲᠡ ᠶ᠋ᠢ ᠴᠢᠨᠢ 
 ᠨᠠᠮᠤᠷ ᠦ᠋ᠨ ᠴᠠᠭᠠᠨ ᠬᠢᠷᠠᠭᠤ ᠲᠣᠭᠰᠢᠮᠠᠷ ᠲᠣᠭᠰᠢᠮᠠᠷ ᠣᠶ᠋ᠢᠷᠠᠲᠤᠨ᠎ᠠ ᠪᠢᠯᠡ
 ᠥᠩᠭᠡ ᠪᠡᠨ ᠬᠠᠮᠠᠭᠠᠯᠠᠵᠤ ᠳᠡᠶ᠋ᠢᠯᠥᠮ᠎ᠡ ᠦᠭᠡᠢ
 ᠥᠨᠥᠴᠢᠨ ᠳᠣᠪᠣ ᠶ᠋ᠢᠨ ᠣᠷᠣᠢ  ᠳ᠋ᠦ᠍
 ᠴᠡᠴᠡᠷᠡᠩᠬᠡᠨ ᠵᠣᠭᠰᠣᠬᠤ ᠴᠢᠮ᠎ᠠ ᠳ᠋ᠠᠭᠠᠨ
 ᠡᠪᠦᠯ ᠊ᠢ ᠥᠨᠢᠲᠡ ᠮᠠᠷᠲᠠᠭᠤᠯᠲᠠᠭ
 ᠦᠲᠡ ᠳᠤᠮᠳᠠ ᠶ᠋ᠢᠨ ᠱᠤᠭᠤᠮ ᠳᠡᠭᠡᠷᠡᠬᠢ
 ᠡᠬᠡ ᠭᠠᠵᠠᠷ ᠪᠢ ᠪᠢᠯᠡ ᠡ ᠁
                                   1988 ᠂ 2 

 ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌ 
          <  ᠢᠷᠡᠬᠦ ᠵᠠᠭᠤᠨ ᠤ ᠬᠣᠩᠬᠣᠨ ᠳᠠᠭᠤᠨ > ᠎ ᠡᠴᠡ ᠬᠠᠭᠤᠯᠪᠠ᠃
     
        ᠠᠮᠢᠯᠠᠭᠤᠯᠤᠨ ᠬᠠᠭᠤᠯᠤᠭᠰᠠᠨ ᠨᠢ ᠄ ᠲᠩᠷᠢ ᠡᠵᠢ
         ᠬᠢᠨᠠᠭᠴᠢ ᠄  ᠴᠤᠯᠮᠤᠨᠲᠤᠶᠠᠭ᠎ᠠ
               2023 . 05. 12  ᠤᠨ ᠡᠲᠦᠷ