ᠵᠠᠯᠠᠭᠤᠰ ᠳᠡᠭᠦᠦᠨᠠᠷ ᠲᠠᠭᠠᠨ ᠬᠦᠷᠭᠡᠬᠦ ᠰᠢᠯᠦᠭ- ᠣ ·ᠳᠠᠰᠢᠪᠠᠯᠪᠠᠷЗалуус түнөөрдаа хүргэх шүлэг-о ·дашбалбар
ᠵᠠᠯᠠᠭᠤᠰ ᠳᠡᠭᠦᠦᠨᠠᠷ ᠲᠠᠭᠠᠨ ᠬᠦᠷᠭᠡᠬᠦ ᠰᠢᠯᠦᠭ
ᠣ · ᠳᠠᠰᠢᠪᠠᠯᠪᠠᠷ
ᠦᠵᠡᠭᠡᠳ ᠥᠩᠭᠡᠷᠡᠬᠦ ᠠᠮᠢᠳᠤᠷᠠᠯ ᠊ᠢ ᠮᠥᠩᠬᠡ ᠶ᠋ᠢᠨ ᠶᠤᠮᠰᠢᠬ ᠪᠣᠳᠣᠵᠤ
ᠦᠳᠡᠯᠡᠭᠡᠳ ᠪᠤᠴᠠᠬᠤ ᠬᠣᠷᠸ᠋᠎ᠠ ᠶ᠋ᠢ ᠡᠭᠦᠷᠢᠳᠡ ᠶ᠋ᠢᠨ ᠶᠤᠮᠰᠢᠬ ᠰᠡᠳᠬᠢᠵᠦ
ᠵᠠᠯᠠᠭᠤ ᠢᠳᠡᠷ ᠨᠠᠰᠤ ᠪᠠᠨ ᠬᠥᠭᠰᠢᠷᠡᠬᠦ ᠦᠭᠡᠢ ᠶᠤᠮᠰᠢᠬ ᠰᠠᠨᠠᠵᠤ
ᠽᠠᠮᠪᠤᠲᠢᠪ ᠤ᠋ᠨ ᠡᠯᠢᠭᠡᠨ ᠳᠡᠭᠡᠷ᠎ᠡ ᠲᠣᠶ᠋ᠢᠯᠠᠵᠤ ᠶᠠᠪᠤᠭ᠎ᠠ ᠳᠡᠭᠦᠦ ᠮᠢᠨᠢ
ᠥᠩᠭᠡ ᠠᠯᠠᠭ ᠡᠨᠡ ᠬᠣᠷᠸ᠎ᠠ ᠳᠡᠭᠡᠷ᠎ᠡ
ᠥᠪᠡᠷ ᠦ᠋ᠨ ᠰᠠᠢᠨ ᠳ᠋ᠤ᠌ ᠪᠠᠨ ᠴᠢ ᠳᠥᠷᠥᠭᠡ ᠦᠭᠡᠢ
ᠡᠳᠦᠷ ᠡᠳᠦᠷ ᠦ᠋ᠨ ᠨᠠᠷᠠ ᠶ᠋ᠢ ᠦᠵᠡᠵᠦ ᠲᠩᠷᠢ ᠶ᠋ᠢ ᠬᠠᠷᠠᠬᠤ
ᠥᠨᠳᠥᠷ ᠶᠡᠬᠡ ᠲᠠᠪᠢᠯᠠᠩ ᠊ᠢ ᠬᠠᠶ᠋ᠢᠷᠠᠯᠠᠭᠰᠠᠨ ᠠᠪᠤ ᠡᠵᠢ ᠳ᠋ᠦ᠍ ᠪᠡᠨ ᠪᠠᠶᠠᠷᠯᠠᠯ᠎ᠠ
ᠦᠳᠡᠰᠢ ᠶ᠋ᠢᠨ ᠴᠡᠩᠭᠡᠭᠡᠨ ᠦ᠌ ᠭᠠᠵᠠᠷ ᠰᠣᠭᠲᠣᠭᠤ ᠶᠤᠮᠰᠢᠬ ᠳᠠᠷᠪᠢᠵᠤ
ᠦᠶ᠎ᠡ ᠶ᠋ᠢᠨ ᠬᠣᠩᠭᠣᠷ ᠪᠦᠰᠡᠭᠦᠢ ᠲᠡᠢ ᠪᠡᠨ
ᠮᠠᠨᠰᠢᠭᠣᠷᠠᠨ ᠴᠡᠩᠭᠡᠵᠦ ᠶᠠᠪᠤᠬᠤ ᠳ᠋ᠤ᠌
ᠦᠰᠦᠨ ᠪᠤᠭᠤᠷᠤᠯ ᠡᠵᠢ ᠴᠢᠨᠢ ᠦᠨᠢᠶᠡᠨ ᠦ᠌ ᠳᠠᠯᠠᠩ ᠰᠢᠪᠲᠤᠷᠠᠴᠤ
ᠨᠠᠮᠤᠷ ᠤ᠋ᠨ ᠬᠦᠢᠲᠡᠨ ᠰᠥᠨᠢ ᠵᠠᠯᠠᠨ ᠳᠡᠭᠡᠷ᠎ᠡ ᠵᠢᠬᠡᠭᠦᠴᠡᠨ ᠰᠠᠭᠤᠭ᠎ᠠ
ᠠᠮᠲᠠᠲᠤ ᠪᠢᠰᠢᠯᠠᠭ ᠬᠤᠷᠤᠭᠤ ᠵᠤᠵᠠᠭᠠᠨ ᠥᠷᠥᠮ᠎ᠡ ᠶ᠋ᠢ ᠨᠢ
ᠠᠮᠢᠬᠠᠨ ᠳ᠋ᠠᠭᠠᠨ ᠴᠢᠮᠠᠲᠤ ᠯᠠ ᠭᠡᠵᠦ ᠬᠠᠳᠠᠭᠠᠯᠠᠵᠤ
ᠵᠠᠮ ᠤ᠋ᠨ ᠤᠨᠤᠭ᠎ᠠ ᠬᠦᠯᠢᠶᠡᠨ᠎ᠡ
ᠥᠷᠢ ᠠᠪᠤᠯᠭ᠎ᠠ ᠨᠡᠬᠡᠬᠦ ᠦᠭᠡᠢ ᠡᠬᠡ ᠶ᠋ᠢᠨ ᠰᠡᠳᠬᠢᠯ ᠊ᠢ
ᠬᠡᠦᠬᠡᠨ ᠨᠤᠭᠦᠳ ᠣᠷᠣᠯᠠᠬᠤ ᠦᠭᠡᠢ
ᠡᠪᠦᠯ ᠪᠣᠯᠬᠤ ᠠ᠋ᠴᠠ ᠤᠷᠢᠲᠠᠵᠤ ᠡᠵᠢ ᠳ᠋ᠦ᠍ ᠪᠡᠨ ᠨᠢᠭᠡ ᠣᠴᠢᠭᠠᠷᠠᠢ
ᠡᠭᠡᠮ ᠦ᠋ᠨ ᠴᠢᠨᠢ ᠶᠠᠰᠤ ᠬᠤᠭᠤᠷᠠᠬᠤ ᠳ᠋ᠤ᠌ ᠠᠪᠤ ᠶ᠋ᠢᠨ ᠴᠢᠨᠢ ᠴᠡᠭᠡᠵᠢ ᠡᠪᠡᠳᠴᠦ
ᠡᠳᠡᠭᠡᠷᠡᠲᠡᠯ᠎ᠡ ᠨᠢ ᠠᠳᠠᠯᠢᠬᠠᠨ ᠰᠢᠷᠬ᠎ᠠ ᠲᠠᠢ ᠶᠠᠪᠤᠳᠠᠭ ᠶᠤᠮ ᠰᠢᠦ
ᠰᠢᠷᠬᠡᠭ ᠰᠢᠷᠬᠡᠭ ᠢ᠋ᠶ᠋ᠡᠷ ᠴᠠᠶ᠋ᠢᠬᠰᠠᠨ ᠦᠰᠦ ᠨᠢ
ᠴᠢᠮᠠᠶ᠋ᠢ ᠬᠦᠯᠢᠶᠡᠭᠰᠡᠨ ᠬᠣᠨᠣᠭ ᠦ᠋ᠳ ᠦ᠋ᠨ ᠲᠣᠭ᠎ᠠ
ᠰᠢᠨᠡᠬᠡᠨ ᠴᠠᠰᠤᠨ ᠠ᠋ᠴᠠ ᠤᠷᠢᠲᠠᠵᠤ ᠠᠪᠤ ᠳ᠋ᠤ᠌ ᠪᠠᠨ ᠨᠢᠭᠡ ᠣᠴᠢᠭᠠᠷᠠᠢ
ᠡᠪᠦᠯ ᠦ᠋ᠨ ᠰᠥᠨᠢ ᠲᠠᠯ᠎ᠠ ᠳ᠋ᠤ᠌ ᠶᠠᠪᠤᠭ᠎ᠠ ᠠᠪᠤ ᠶ᠋ᠢ ᠪᠡᠨ
ᠦᠶ᠎ᠡ ᠦᠶᠡᠬᠡᠨ ᠰᠠᠨᠠᠭᠠᠷᠠᠢ
ᠥᠪᠡᠷ ᠢ᠋ᠶ᠋ᠡᠨ ᠴᠢ
ᠳᠤᠯᠠᠭᠠᠨ ᠬᠥᠨᠵᠢᠯᠡ ᠳ᠋ᠦ᠍ ᠪᠡᠨ ᠬᠡᠪᠲᠡᠵᠦ ᠪᠠᠶ᠋ᠢᠭ᠎ᠠ ᠳ᠋ᠤ᠌ ᠪᠠᠨ ᠭᠡᠮᠰᠢᠭᠡᠷᠡᠢ
ᠵᠠᠭᠤᠨ ᠣᠯᠠᠨ ᠬᠣᠨᠣᠭ ᠬᠥᠳᠡᠯᠵᠦ
ᠣᠯᠵᠤ ᠬᠤᠷᠢᠶᠠᠭᠰᠠᠨ ᠪᠦᠬᠦᠨ ᠢ᠋ᠶ᠋ᠡᠨ ᠵᠠᠷᠤᠵᠤ ᠦᠷᠡᠵᠦ
ᠪᠥᠭᠡᠮ ᠪᠥᠭᠡᠮ ᠢ᠋ᠶ᠋ᠡᠷ ᠨᠢ ᠴᠢᠮᠠᠲᠤ ᠯᠠ ᠬᠠᠷᠠᠮ ᠦᠭᠡᠢ ᠢᠯᠡᠭᠡᠬᠦ ᠶᠦ᠍ᠮ
ᠵᠣᠭᠣᠭ ᠤ᠋ᠨ ᠭᠠᠵᠠᠷ ᠴᠢ ᠲᠡᠭᠦᠨ ᠊ᠢ ᠨᠢ ᠰᠢᠷ᠎ᠠ ᠠᠶ᠋ᠢᠷᠠᠭ ᠪᠣᠯᠭᠠᠵᠤ
ᠵᠣᠪᠠᠵᠤ ᠠᠮᠢᠳᠤᠷᠠᠭᠰᠠᠨ ᠡᠴᠢᠭᠡ ᠶ᠋ᠢᠨ ᠢ᠋ᠶ᠋ᠡᠨ
ᠬᠥᠯᠥᠰᠥ ᠶ᠋ᠢ ᠤᠤᠭᠤᠬᠤ ᠬᠡᠷᠡᠭ ᠦᠭᠡᠢ
ᠡᠨᠳᠡ ᠴᠢ ᠪᠤᠷᠤᠭᠤᠳᠠᠵᠤ ᠶᠠᠪᠤᠬᠤ ᠳ᠋ᠤ᠌
ᠡᠴᠢᠭᠡ ᠶ᠋ᠢᠨ ᠴᠢᠨᠢ ᠨᠡᠷ᠎ᠡ ᠳᠣᠷᠭᠢᠨ᠎ᠠ
ᠡᠷᠳᠡᠨᠢᠲᠦ ᠪᠤᠭᠤᠷᠤᠯ ᠢ᠋ᠶ᠋ᠠᠨ ᠬᠠᠶ᠋ᠢᠷᠠᠯᠠᠭᠠ ᠦᠭᠡᠢ ᠪᠣᠯ
ᠡᠬᠡ ᠣᠷᠣᠨ ᠢ᠋ᠶ᠋ᠠᠨ ᠬᠠᠶ᠋ᠢᠷᠠᠯᠠᠬᠤ ᠶᠠᠭᠤ ᠯᠠ ᠪᠣᠯ
ᠠᠮᠢᠳᠤᠷᠠᠯ ᠲᠤᠷᠰᠢᠳᠠ ᠪᠠᠨ ᠬᠠᠶ᠋ᠢᠷᠠᠯᠠᠵᠤ ᠶᠠᠪᠤᠬᠤ ᠠᠪᠤ ᠭᠡᠳᠡᠭ ᠬᠥᠮᠦᠨ
ᠠᠯᠲᠠᠨ ᠨᠠᠷᠠ ᠰᠢᠭ᠋ ᠭᠠᠭᠴᠠᠬᠠᠨ ᠶᠤᠮ ᠰᠢᠦ
ᠦᠷ᠎ᠡ ᠬᠡᠦᠬᠡᠳ ᠲᠥᠷᠥᠯ᠎ᠡ ᠭᠡᠵᠦ ᠪᠠᠶᠠᠷᠯᠠᠵᠤ ᠶᠠᠪᠤᠬᠤ ᠶ᠋ᠢᠨ ᠴᠠᠭ ᠲᠤ᠌
ᠦᠰᠦᠨ ᠪᠤᠭᠤᠷᠤᠯ ᠥᠲᠡᠭᠦᠰ ᠊ᠢ ᠬᠠᠮᠢᠭ᠎ᠠ ᠨᠢᠭᠡ ᠳ᠋ᠦ᠍ ᠪᠡᠨ
ᠨᠤᠲᠤᠭᠯᠠᠭᠤᠯᠵᠤ ᠪᠠᠶ᠋ᠢᠭ᠎ᠠ ᠶ᠋ᠢ ᠰᠠᠨᠠᠭᠠᠷᠠᠢ
ᠬᠣᠨᠣᠭ ᠡᠳᠦᠷ ᠦ᠋ᠳ ᠊ᠢ ᠵᠢᠷᠭᠠᠯ ᠲᠠᠢ ᠥᠲᠡᠯ᠎ᠡ ᠴᠦ᠍ ᠳᠡᠭᠦᠦ ᠮᠢᠨᠢ
ᠬᠣᠷᠸ᠎ᠠ ᠶ᠋ᠢᠨ ᠶᠠᠭᠤᠮ᠎ᠠ ᠪᠣᠯᠭᠠᠨ ᠳ᠋ᠤ᠌ ᠡᠴᠦᠰ ᠪᠠᠶ᠋ᠢᠲᠠᠭ ᠊ᠢ ᠰᠠᠨᠠᠭᠠᠷᠠᠢ
ᠣᠷᠴᠢᠯᠠᠩ ᠤ᠋ᠨ ᠱᠤᠤᠭᠢᠶᠠᠨ ᠠᠮᠢᠲᠠᠨ ᠬᠥᠮᠦᠨ ᠦ᠌ ᠬᠡᠯᠡ ᠠᠮᠠ
ᠣᠷᠣᠨ ᠬᠣᠲᠠ ᠶ᠋ᠢᠨ ᠤᠲᠤᠭ᠎ᠠ ᠤᠨᠢᠶᠠᠷ ᠠ᠋ᠴᠠ ᠬᠣᠯᠠᠳᠠᠵᠤ
ᠠᠶᠠᠨ ᠵᠠᠮ ᠤ᠋ᠨ ᠲᠣᠭᠣᠰᠣ ᠭᠦᠪᠢᠭᠡᠳ
ᠠᠪᠤ ᠶ᠋ᠢᠨ ᠢ᠋ᠶ᠋ᠡᠨ ᠭᠡᠷ ᠦ᠋ᠨ ᠪᠣᠱᠣᠭ᠎ᠠ ᠶ᠋ᠢ ᠠᠯᠬᠤᠵᠤ ᠦᠵᠡᠭᠡᠷᠡᠢ
ᠡᠷᠭᠢᠨᠡᠭ ᠦ᠋ᠨ ᠲᠡᠨᠳᠡ ᠡᠴᠡ ᠬᠤᠪᠢᠩ ᠰᠠᠪᠠ ᠬᠠᠩᠭᠢᠨᠠᠭᠤᠯᠵᠤ
ᠡᠵᠢ ᠴᠢᠨᠢ 《 ᠬᠦᠦ ᠮᠢᠨᠢ 》 ᠭᠡᠭᠰᠡᠭᠡᠷ ᠪᠣᠰᠴᠤ ᠢᠷᠡᠨ᠎ᠡ
ᠠᠮᠠᠰᠠᠷ ᠳᠦᠭᠦᠷᠡᠩ ᠴᠠᠢ ᠲᠠᠢ ᠭᠠᠩᠭᠠᠷ ᠱᠠᠭᠠᠵᠠᠩ ᠢ᠋ᠶ᠋ᠠᠨ ᠠᠯᠳᠠᠵᠤ
ᠠᠵᠠᠢ ᠪᠤᠭᠤᠷᠤᠯ ᠬᠥᠭᠰᠢᠨ ᠶᠠᠭᠠᠬᠢᠬᠤ ᠪᠠᠨ ᠮᠡᠳᠡᠬᠦ ᠦᠭᠡᠢ ᠰᠠᠨᠳᠤᠴᠢᠨᠠ
ᠠᠪᠤ ᠴᠢᠨᠢ ᠭᠡᠷ ᠦ᠋ᠨ ᠢ᠋ᠶ᠋ᠡᠨ ᠬᠣᠶ᠋ᠢᠮᠣᠷ ᠲᠤ᠌
ᠠᠯᠲᠠᠢ ᠶ᠋ᠢᠨ ᠠᠭᠤᠯᠠᠰ ᠰᠢᠭ᠋ ᠬᠠᠩᠬᠠᠶ᠋ᠢᠵᠤ
ᠠᠯᠢᠪ ᠨᠢᠭᠡᠨ ᠳ᠋ᠦ᠍ ᠪᠠᠷᠢᠴᠠ ᠠᠯᠳᠠᠬᠤ ᠦᠭᠡᠢ
ᠠᠭᠤᠵᠢᠭᠤ ᠲᠠᠶ᠋ᠢᠪᠤᠩ ᠰᠠᠭᠤᠨ᠎ᠠ
ᠮᠠᠨᠠᠨ ᠨᠡᠪᠲᠡᠯᠬᠦ ᠣᠳᠣ ᠰᠢᠭ᠋ ᠨᠢᠳᠦ ᠨᠢ ᠭᠢᠯᠠᠯᠵᠠᠵᠤ
ᠮᠠᠯᠠᠭᠠᠢ ᠪᠠᠨ ᠡᠮᠦᠰᠦᠨ ᠨᠢᠳᠤᠷᠭ᠎ᠠ ᠪᠠᠨ ᠵᠠᠰᠠᠵᠤ
ᠢᠷᠡᠵᠦ ᠦᠨᠦᠰᠦᠭᠦᠯᠬᠦ ᠶ᠋ᠢ ᠴᠢᠨᠢ ᠬᠦᠯᠢᠶᠡᠨ᠎ᠡ
ᠲᠥᠷᠥᠭᠰᠡᠨ ᠭᠡᠷ ᠴᠢᠨᠢ ᠳᠤᠯᠠᠭᠠᠬᠠᠨ
ᠭᠠᠯ ᠤ᠋ᠨ ᠢᠯᠴᠢᠨ ᠳ᠋ᠦ᠍ ᠴᠢ ᠨᠣᠵᠣᠭᠠᠷᠠᠵᠤ
ᠲᠡᠭᠦᠯᠳᠡᠷ ᠣᠷᠴᠢᠯᠠᠩ ᠤ᠋ᠨ ᠳ᠋ᠧᠪᠠᠵᠠᠨ
ᠡᠴᠢᠭᠡ ᠶ᠋ᠢᠨ ᠭᠡᠷ ᠪᠣᠯᠬᠤ ᠶ᠋ᠢ ᠮᠡᠳᠡᠷᠡᠨ᠎ᠡ
ᠮᠣᠷᠢᠳ ᠦᠦᠷᠰᠡᠬᠦ ᠬᠡᠭᠡᠷ᠎ᠡ ᠲᠠᠯ᠎ᠠ ᠳ᠋ᠤ᠌ ᠪᠠᠨ
ᠠᠷᠭᠠᠯ ᠤ᠋ᠨ ᠤᠲᠤᠭ᠎ᠠ ᠦᠨᠦᠷᠯᠡᠵᠦ
ᠮᠣᠳᠣᠨ ᠳᠠᠭᠱ᠌ᠢ ᠲᠠᠢ ᠥᠷᠥᠮ᠎ᠡ ᠢᠳᠡᠵᠦ
ᠡᠵᠢ ᠶ᠋ᠢᠨ ᠢ᠋ᠶ᠋ᠡᠨ ᠭᠠᠷ ᠠ᠋ᠴᠠ ᠴᠠᠢ ᠤᠤᠭᠤᠨ᠎ᠠ
ᠲᠠᠩᠰᠤᠭ ᠰᠠᠢᠬᠠᠨ ᠊ᠢ ᠨᠢ ᠪᠢᠰᠢᠷᠡᠨ
ᠣᠷᠴᠢᠯᠠᠩ ᠶᠢᠷᠲᠢᠨᠴᠦ ᠪᠡᠷ ᠬᠡᠷᠡᠨ ᠶᠠᠪᠤᠯ᠎ᠠ ᠴᠤ᠌
ᠲᠠᠯ᠎ᠠ ᠨᠤᠲᠤᠭ ᠲᠤ᠌ ᠨᠠᠷᠠᠨ ᠮᠠᠨᠳᠤᠵᠤ
ᠭᠡᠷ ᠦ᠋ᠨ ᠴᠡᠩᠬᠡᠷ ᠤᠲᠤᠭ᠎ᠠ ᠰᠤᠭᠤᠨᠠᠭᠯᠠᠨ
ᠬᠤᠶ᠋ᠢᠯᠠᠷᠠᠨ ᠳᠠᠪᠬᠢᠬᠤ ᠵᠡᠭᠡᠷ᠎ᠡ ᠶ᠋ᠢᠨ ᠰᠦᠷᠦᠭ
ᠲᠤᠯᠤᠭᠠᠳ ᠳᠠᠮᠵᠢᠬᠤ ᠠ᠋ᠴᠠ ᠢᠯᠡᠭᠦᠦ ᠰᠠᠢᠬᠠᠨ ᠊ᠢ
ᠬᠤᠷᠮᠤᠰᠲᠠ ᠶ᠋ᠢᠨ ᠳᠣᠣᠷ᠎ᠠ ᠦᠵᠡᠭᠡ ᠦᠭᠡᠢ ᠪᠡᠨ ᠴᠢ ᠮᠡᠳᠡᠷᠡᠨ᠎ᠡ
ᠮᠣᠣᠳ᠋ ᠬᠥᠭᠡᠭᠡᠭᠰᠡᠨ ᠬᠣᠲᠠ ᠶ᠋ᠢᠨ ᠭᠠᠩᠭᠠᠩ ᠬᠡᠦᠬᠡᠨ ᠡᠴᠡ ᠢᠯᠡᠭᠦᠦ ᠪᠡᠷ ᠴᠢ
ᠮᠣᠩᠭᠣᠯ ᠳᠡᠪᠡᠯ ᠲᠡᠢ ᠬᠥᠳᠡᠭᠡ ᠶ᠋ᠢᠨ ᠪᠣᠷᠣ ᠪᠦᠰᠡᠭᠦᠢ ᠶ᠋ᠢ ᠬᠠᠶ᠋ᠢᠷᠠᠯᠠᠨ᠎ᠠ
ᠥᠷᠭᠡᠨ ᠬᠣᠷᠸ᠎ᠠ ᠳ᠋ᠤ᠌ ᠵᠠᠭᠤᠨ ᠵᠢᠯ ᠠᠮᠢᠳᠤᠷᠠᠬᠤ ᠦᠭᠡᠢ ᠴᠦ᠍
ᠬᠣᠭᠰᠢᠯ ᠬᠤᠷᠢᠶᠠᠭᠴᠢ ᠠ᠋ᠴᠠ ᠡᠪᠦᠯ ᠦ᠋ᠨ ᠰᠥᠨᠢ ᠮᠣᠳᠣᠳ ᠊ᠢ ᠥᠷᠥᠪᠳᠦᠳᠡᠭ
ᠠᠪᠤ ᠶ᠋ᠢ ᠪᠡᠨ ᠢᠯᠡᠭᠦᠦ ᠣᠶ᠋ᠢᠯᠠᠭᠠᠨᠠ ᠴᠢ
ᠬᠠᠷᠢ ᠬᠣᠯᠠ ᠶ᠋ᠢᠨ ᠱᠤᠤᠭᠢᠶᠠᠨᠲᠤ ᠬᠣᠲᠠ
ᠨᠢᠶᠣᠨ ᠤ᠋ ᠭᠡᠷᠡᠯ ᠮᠠᠰᠢᠨ ᠤ᠋ ᠴᠢᠮᠡᠭᠡᠨ ᠡᠴᠡ
ᠬᠠᠷᠭᠤᠢ ᠵᠠᠮ ᠪᠤᠯᠠᠭ ᠱᠠᠩᠳᠠ
ᠬᠣᠲᠠ ᠲᠠᠢ ᠬᠣᠨᠢ ᠪᠠᠨ ᠢᠯᠡᠭᠦᠦ ᠣᠶ᠋ᠢᠯᠠᠭᠠᠨᠠ
ᠤᠬᠠᠭᠠᠨ ᠪᠠᠯᠠᠷᠠᠲᠠᠯ᠎ᠠ ᠲᠠᠴᠢᠭᠢᠨᠠᠭᠰᠠᠨ
ᠡᠰᠲ᠋ᠷᠡᠳ᠋ ᠬᠥᠭᠵᠢᠮ ᠦ᠋ᠨ ᠴᠢᠮᠡᠭᠡᠨ ᠡᠴᠡ ᠢᠯᠡᠭᠦᠦ
ᠤᠴᠢᠷᠯᠠᠵᠤ ᠠᠷᠭᠠᠳᠠᠭᠰᠠᠨ ᠠᠷᠠᠳ ᠤ᠋ᠨ ᠳᠠᠭᠤᠨ ᠳ᠋ᠤ᠌ ᠪᠠᠨ ᠲᠡᠰᠦᠨ᠎ᠡ ᠴᠢ
ᠳᠡᠭᠡᠳᠦ ᠶ᠋ᠢᠨ ᠨᠣᠮ ᠲᠠᠢ ᠮᠡᠷᠭᠡᠳ ᠊ᠢ ᠡᠷᠢᠵᠦ
ᠳᠡᠯᠡᠬᠡᠢ ᠪᠡᠷ ᠨᠢᠭᠡ ᠲᠡᠨᠦᠬᠦ ᠶ᠋ᠢᠨ ᠬᠡᠷᠡᠭ ᠦᠭᠡᠢ
ᠳᠡᠷᠭᠡᠳᠡ ᠪᠡᠨ ᠪᠠᠶ᠋ᠢᠭ᠎ᠠ ᠰᠤᠤᠲᠤ ᠤᠬᠠᠭᠠᠲᠠᠨ ᠊ᠢ
ᠳᠡᠩᠳᠡᠭᠦᠦ ᠣᠶ᠋ᠢᠰᠢᠶᠠᠯ ᠦᠭᠡᠢ ᠶᠠᠪᠤᠭᠰᠠᠨ ᠢ᠋ᠶ᠋ᠠᠨ ᠪᠣᠳᠣ
ᠠᠷᠢᠭᠤᠨ ᠦᠨᠡᠨ ᠵᠣᠪᠠᠯᠠᠩ ᠪᠡᠷᠬᠡ ᠬᠠᠶ᠋ᠢᠷ᠎ᠠ ᠤᠬᠠᠭᠠᠨ ᠤ᠋
ᠠᠮᠢᠨ ᠭᠣᠣᠯ ᠳ᠋ᠤ᠌ ᠨᠠᠪᠲᠠᠷᠠᠭᠰᠠᠨ ᠮᠡᠷᠭᠡᠳ
ᠠᠪᠤ ᠡᠵᠢ ᠬᠣᠶᠠᠷ ᠴᠢᠨᠢ ᠶᠦ᠍ᠮ ᠰᠢᠦ
ᠠᠮᠢᠳᠤᠷᠠᠯ ᠲᠡᠳᠡᠨ ᠊ᠢ ᠭᠦᠨ ᠤᠬᠠᠭᠠᠨ ᠳ᠋ᠤ᠌ ᠰᠤᠷᠭᠠᠵᠤ
ᠠᠳᠠᠭ ᠤ᠋ᠨ ᠮᠠᠭᠤ ᠠᠮᠢᠲᠠᠨ ᠊ᠢ ᠴᠦ᠍ ᠥᠷᠥᠰᠢᠶᠡᠬᠦ
ᠠᠭᠤᠤ ᠶᠡᠬᠡ ᠰᠡᠳᠬᠢᠯ ᠲᠡᠢ ᠪᠣᠯᠭᠠᠭᠰᠠᠨ ᠶᠤᠮ
ᠠᠴᠢᠲᠤ ᠡᠵᠢ ᠳ᠋ᠦ᠍ ᠪᠡᠨ ᠠᠯᠴᠢᠭᠤᠷ ᠠᠪᠠᠴᠢᠬᠤ ᠶ᠋ᠢᠨ ᠬᠡᠷᠡᠭ ᠦᠭᠡᠢ
ᠠᠪᠤ ᠳ᠋ᠤ᠌ ᠪᠠᠨ ᠰᠢᠯ ᠶᠠᠭᠤᠮ᠎ᠠ ᠥᠭᠬᠦ ᠶ᠋ᠢᠨ ᠴᠦ᠍ ᠬᠡᠷᠡᠭ ᠦᠭᠡᠢ
ᠠᠶ᠋ᠢᠯ ᠤ᠋ᠨ ᠬᠡᠦᠬᠡᠳ ᠬᠠᠭᠤᠷᠬᠤ ᠬᠡᠳᠦᠨ ᠰᠢᠬᠢᠷ ᠴᠦ᠍ ᠬᠡᠷᠡᠭ ᠦᠭᠡᠢ
ᠠᠯᠢ ᠠᠯᠢᠨ ᠢ᠋ᠶ᠋ᠠᠷ ᠨᠢ ᠲᠡᠳᠡ ᠳᠤᠲᠠᠭ᠎ᠠ ᠦᠭᠡᠢ
ᠡᠷᠲᠡ ᠴᠠᠭ ᠲᠤ᠌ ᠭᠡᠷ ᠡᠴᠡ ᠪᠡᠨ ᠭᠠᠷᠤᠭᠰᠠᠨ ᠥᠪᠡᠷ ᠊ᠢ ᠪᠠᠨ ᠯᠠ
ᠡᠵᠢ ᠠᠪᠤ ᠬᠣᠶᠠᠷ ᠲᠤ᠌ ᠪᠠᠨ ᠬᠦᠷᠭᠡᠵᠦ ᠥᠭ
ᠡᠷ᠎ᠡ ᠶ᠋ᠢᠨ ᠴᠡᠭᠡᠯ ᠳ᠋ᠦ᠍ ᠬᠦᠷᠦᠭᠰᠡᠨ ᠴᠦ᠍ ᠴᠢᠮ᠎ᠠ ᠶ᠋ᠢ ᠬᠠᠷᠠᠬᠤ ᠠ᠋ᠴᠠ ᠢᠯᠡᠭᠦᠦ
ᠡᠷᠬᠢᠮ ᠪᠡᠯᠡᠭ ᠬᠥᠭᠰᠢᠴᠦᠦᠯ ᠳ᠋ᠦ᠍ ᠦᠭᠡᠢ
ᠤᠴᠢᠷ ᠮᠡᠳᠡᠬᠦ ᠦᠭᠡᠢ ᠨᠢᠯᠬ᠎ᠠ ᠪᠠᠭ᠎ᠠ ᠳ᠋ᠤ᠌ ᠪᠠᠨ ᠴᠤ᠌
ᠤᠬᠠᠭᠠᠨ ᠰᠠᠭᠤᠭᠰᠠᠨ ᠢᠳᠡᠷ ᠨᠠᠰᠤᠨ ᠳ᠋ᠤ᠌ ᠪᠠᠨ ᠴᠤ᠌
ᠠᠭᠤᠯᠠ ᠣᠪᠣᠭ᠎ᠠ ᠰᠢᠭ᠋ ᠶᠠᠭᠤᠮ᠎ᠠ ᠶ᠋ᠢ ᠠᠬ᠎ᠠ ᠨᠢ
ᠤᠯᠤᠰ ᠠᠮᠢᠲᠠᠨ ᠳ᠋ᠤ᠌ ᠠᠮᠠᠯᠠᠵᠤ ᠶᠠᠪᠤᠯ᠎ᠠ
ᠠᠰᠠᠷᠠᠵᠤ ᠲᠡᠤᠠᠬᠦᠭᠰᠡᠨ ᠠᠪᠤ ᠡᠵᠢ ᠶ᠋ᠢᠨ ᠢ᠋ᠶ᠋ᠡᠨ
ᠠᠴᠢ ᠶ᠋ᠢ ᠪᠦᠷᠢᠮᠦᠰᠦᠨ ᠬᠠᠷᠢᠭᠤᠯᠵᠤ
ᠠᠮᠲᠠᠲᠠᠨ ᠊ᠢ ᠢᠳᠡᠭᠦᠯᠵᠦ ᠥᠩᠭᠡᠲᠡᠨ ᠊ᠢ ᠡᠮᠦᠰᠬᠡᠵᠦ
ᠠᠯᠲᠠᠨ ᠠᠶᠠᠭᠠᠨ ᠠ᠋ᠴᠠ ᠤᠤᠭᠤᠯᠭᠠᠬᠤ ᠶ᠋ᠢᠨ ᠲᠠᠶ᠋ᠢᠲᠠᠢ
ᠠᠨᠳᠠᠭᠤᠷᠠᠵᠤ ᠡᠨᠳᠡᠭᠦᠷᠡᠵᠦ ᠶᠠᠪᠤᠯ᠎ᠠ
ᠣᠳᠣ ᠯᠠ ᠡᠵᠢ ᠠᠪᠤ ᠶ᠋ᠢ ᠪᠡᠨ ᠵᠢᠷᠭᠠᠭᠠᠶ᠎ᠠ ᠭᠡᠲᠡᠯ᠎ᠡ
ᠣᠷᠴᠢᠯᠠᠩ ᠤ᠋ᠨ ᠲᠣᠭᠯᠠᠭᠠᠮ ᠳᠠᠩᠴᠤ ᠬᠠᠲᠠᠭᠤ
ᠠᠯᠪᠠ ᠠᠵᠢᠯ ᠤ᠋ᠨ ᠡᠷᠬᠡ ᠪᠡᠷ ᠠᠯᠤᠰ ᠭᠠᠵᠠᠷ ᠣᠲᠣᠭᠠᠳ
ᠠᠶᠠᠨ ᠵᠠᠮ ᠊ᠢ ᠬᠣᠷᠣᠭᠠᠭᠰᠠᠭᠠᠷ ᠶᠠᠭᠠᠷᠠᠨ ᠶᠠᠭᠠᠷᠠᠨ ᠢᠷᠡᠬᠦ ᠳ᠋ᠦ᠍
ᠠᠪᠤ ᠮᠢᠨᠢ ᠡᠨᠡ ᠬᠣᠷᠸ᠎ᠠ ᠠ᠋ᠴᠠ ᠶᠠᠪᠤᠴᠢᠬᠠᠭᠰᠠᠨ ᠪᠠᠶ᠋ᠢᠯ᠎ᠠ
《 ᠬᠦᠦ ᠲᠡᠢ ᠪᠠᠨ ᠯᠠ ᠨᠢᠭᠡ ᠠᠭᠤᠯᠵᠠᠮᠠᠷ ᠪᠠᠶ᠋ᠢᠨ᠎ᠠ ᠳᠠ 》 ᠭᠡᠵᠦ
ᠡᠵᠢ ᠳ᠋ᠦ᠍ ᠮᠢᠨᠢ ᠬᠡᠯᠡᠭᠰᠡᠨ ᠭᠡᠳᠡᠭ ᠶᠦ᠍ᠮ
ᠬᠦᠰᠡᠯ ᠦ᠋ᠨ ᠰᠡᠭᠦᠯᠴᠢ ᠨᠢ ᠭᠠᠭᠴᠠᠬᠠᠨ ᠡᠨᠡ ᠯᠡ ᠪᠠᠶ᠋ᠢᠬᠰᠠᠨ ᠶᠤᠮ
ᠴᠢ ᠵᠢᠮᠡᠯᠡᠯ ᠬᠦᠯᠢᠶᠡᠵᠦ ᠴᠡᠷᠢᠭ ᠦ᠋ᠨ ᠨᠥᠬᠥᠳ ᠲᠦ᠍ ᠪᠡᠨ
ᠣᠷᠬᠢᠭᠳᠠᠵᠤ ᠪᠣᠯᠤᠨ᠎ᠠ
ᠴᠢ ᠵᠡᠭᠡᠷ᠎ᠡ ᠶ᠋ᠢᠨ ᠢᠨᠵᠠᠭ᠎ᠠ ᠰᠢᠭ᠋ ᠬᠥᠭᠡᠷᠦᠬᠦᠨ ᠪᠦᠰᠡᠭᠦᠢ ᠳ᠋ᠦ᠍ ᠪᠡᠨ
ᠬᠠᠶᠠᠭᠳᠠᠵᠤ ᠪᠣᠯᠤᠨ᠎ᠠ
ᠬᠠᠷᠢᠨ ᠠᠪᠤ ᠡᠵᠢ ᠴᠢᠨᠢ ᠰᠡᠷᠢᠭᠦᠨ ᠲᠤᠩᠭᠠᠯᠠᠭ ᠪᠠᠶ᠋ᠢᠵᠤ
ᠬᠠᠷᠢᠵᠤ ᠢᠷᠡᠬᠦ ᠶ᠋ᠢ ᠴᠢᠨᠢ ᠬᠦᠯᠢᠶᠡᠬᠦ ᠡᠴᠡ ᠢᠯᠡᠭᠦᠦ ᠵᠢᠷᠭᠠᠯ ᠊ᠢ
ᠬᠠᠮᠤᠭ ᠣᠷᠴᠢᠯᠠᠩ ᠢ᠋ᠶ᠋ᠠᠷ ᠬᠠᠶ᠋ᠢᠵᠤ ᠡᠷᠢᠪᠡᠴᠦ ᠣᠯᠬᠤ ᠦᠭᠡᠢ
ᠠᠯᠳᠠᠭ᠎ᠠ ᠶ᠋ᠢ ᠮᠢᠨᠢ ᠲᠠᠨᠠᠷ ᠪᠤᠤ ᠳᠠᠪᠲᠠᠵᠠᠭᠠ
ᠠᠪᠤ ᠡᠵᠢ ᠶ᠋ᠢ ᠪᠡᠨ ᠠᠮᠢᠳᠤ ᠳ᠋ᠤᠨᠢ ᠠᠮᠵᠢᠵᠤ ᠪᠠᠶᠠᠷᠯᠠᠭᠤᠯᠵᠠᠭᠠ
ᠠᠯᠲᠠᠨ ᠳᠡᠯᠡᠬᠡᠢ ᠳ᠋ᠦ᠍ ᠡᠭᠦᠨ ᠡᠴᠡ ᠢᠯᠡᠭᠦᠦ ᠭᠠᠪᠢᠶ᠎ᠠ ᠶ᠋ᠢ
ᠠᠬ᠎ᠠ ᠨᠢ ᠮᠡᠳᠡᠬᠦ ᠦᠭᠡᠢ
ᠦᠵᠡᠭᠡᠳ ᠥᠩᠭᠡᠷᠡᠬᠦ ᠠᠮᠢᠳᠤᠷᠠᠯ ᠊ᠢ ᠮᠥᠩᠬᠡ ᠶ᠋ᠢᠨ ᠶᠤᠮᠰᠢᠬ ᠪᠣᠳᠣᠵᠤ
ᠥᠲᠡᠯᠦᠭᠡᠳ ᠪᠤᠴᠠᠬᠤ ᠬᠣᠷᠸ᠎ᠠ ᠶ᠋ᠢ ᠡᠭᠦᠷᠢᠳᠡ ᠶ᠋ᠢᠨ ᠶᠤᠮᠰᠢᠬ ᠰᠡᠳᠬᠢᠵᠦ
ᠵᠠᠯᠠᠭᠤ ᠢᠳᠡᠷ ᠨᠠᠰᠤ ᠪᠠᠨ ᠬᠥᠭᠰᠢᠷᠡᠬᠦ ᠦᠭᠡᠢ ᠶᠤᠮᠰᠢᠬ ᠰᠠᠨᠠᠵᠤ
ᠽᠠᠮᠪᠤᠲᠢᠪ ᠤ᠋ᠨ ᠡᠯᠢᠭᠡᠨ ᠳᠡᠭᠡᠷ᠎ᠡ ᠲᠣᠶ᠋ᠢᠯᠠᠵᠤ ᠶᠠᠪᠤᠭ᠎ᠠ ᠳᠡᠭᠦᠦ ᠮᠢᠨᠢ
ᠥᠩᠭᠡ ᠠᠯᠠᠭ ᠡᠨᠡ ᠬᠣᠷᠸ᠎ᠠ ᠳᠡᠭᠡᠷ᠎ᠡ
ᠥᠪᠡᠷ ᠦ᠋ᠨ ᠰᠠᠢᠨ ᠳ᠋ᠤ᠌ ᠪᠠᠨ ᠴᠢ ᠳᠥᠷᠥᠭᠡ ᠦᠭᠡᠢ
ᠡᠳᠦᠷ ᠡᠳᠦᠷ ᠦ᠋ᠨ ᠨᠠᠷᠠ ᠶ᠋ᠢ ᠦᠵᠡᠵᠦ ᠲᠩᠷᠢ ᠶ᠋ᠢ ᠬᠠᠷᠠᠬᠤ
ᠥᠨᠳᠥᠷ ᠶᠡᠬᠡ ᠲᠠᠪᠢᠯᠠᠩ ᠊ᠢ ᠬᠠᠶ᠋ᠢᠷᠠᠯᠠᠭᠰᠠᠨ ᠠᠪᠤ ᠡᠵᠢ ᠳ᠋ᠦ᠍ ᠪᠡᠨ ᠪᠠᠶᠠᠷᠯᠠᠯ᠎ᠠ
ᠦᠰᠦᠭ ᠠᠮᠢᠯᠠᠭᠤᠯᠤᠭᠴᠢ ᠄ ᠱᠠᠭᠰᠠᠯ
ᠬᠢᠨᠠᠭᠴᠢ ᠄ ᠣᠤᠠᠬᠠᠨᠰᠣ ᠠ᠋
