ᠵᠤᠨ ᠠᠢᠰᠤᠢ- ᠰᠡᠬᠡᠭᠡᠷᠡᠯЗун айсуй-сэхээрэл
ᠵᠤᠨ ᠠᠢᠰᠤᠢ
— ᠵᠤᠨ ᠪ ᠠᠭᠤᠷ ᠣᠷᠣᠬᠤ ᠡᠲᠦᠷ
ᠰᠡᠬᠡᠭᠡᠷᠡᠯ ( ᠴᠠᠩ ᠰᠦᠢ )
ᠲᠠᠪᠢᠨ ᠵᠢᠷᠭᠤᠭᠠᠨ ᠴᠡᠴᠡᠭ ᠯᠡ ᠪᠢᠰᠢ
ᠲᠠᠪᠢᠨ ᠵᠢᠷᠭᠤᠭᠠᠨ ᠪ ᠵᠠᠭᠤᠨ ᠳᠠᠬᠢᠨ
ᠲᠠᠯ᠎ᠠ ᠶ᠋ᠢᠨ ᠴᠡᠴᠡᠭᠡᠰ ᠊ᠢ ᠭᠠᠩᠬᠤᠨ ᠳᠡᠯᠭᠡᠷᠡᠭᠦᠯᠵᠦ
ᠲᠠᠩᠭᠢᠰ ᠳᠠᠯᠠᠢ ᠶ᠋ᠢᠨ ᠳᠡᠭᠡᠭᠦᠷ ᠨᠠᠷᠠ ᠬᠦᠯᠦᠭᠯᠡᠭᠰᠡᠭᠡᠷ
ᠵᠤᠨ
ᠠᠶ᠋ᠢᠰᠤᠢ
ᠲᠠᠪᠤᠨ ᠲᠠᠷᠢᠶ᠎ᠠ ᠯᠠ ᠪᠢᠰᠢ
ᠲᠠᠪᠤᠨ ᠲᠠᠷᠢᠶᠠᠨ ᠪ ᠮᠢᠩᠭᠠᠨ ᠳᠠᠬᠢᠨ
ᠲᠠᠩᠰᠤᠭ ᠪᠠᠶ᠋ᠢᠭᠠᠯᠢ ᠶ᠋ᠢᠨ ᠲᠦᠮᠡᠨ ᠪᠣᠲᠠᠰ ᠊ᠢ ᠴᠡᠴᠡᠭᠯᠡᠭᠦᠯᠵᠦ
ᠲᠠᠯ᠎ᠠ ᠨᠤᠲᠤᠭ ᠦ᠋ᠨ ᠴᠠᠭᠠᠨ᠎ᠠ ᠠ᠋ᠴᠠ ᠰᠠᠯᠬᠢ
ᠳᠠᠪᠬᠢᠭᠤᠯᠤᠭᠰᠠᠭᠠᠷ
ᠵᠤᠨ ᠠᠶ᠋ᠢᠰᠤᠢ
ᠲᠠᠪᠤᠨ ᠬᠣᠰᠢᠭᠤ ᠮᠠᠯ ᠯᠠ ᠪᠢᠰᠢ
ᠲᠠᠪᠤᠨ ᠬᠣᠰᠢᠭᠤ ᠶ᠋ᠢᠨ ᠲᠦᠮᠡᠨ ᠲᠦᠮᠡᠨ ᠳᠠᠬᠢᠨ
ᠠᠮᠢᠲᠠᠨ ᠭᠣᠣᠯᠲᠠᠨ ᠭᠠᠯᠠᠭᠤ ᠰᠢᠪᠠᠭᠤᠳ ᠊ᠢ ᠪᠠᠶᠠᠰᠬᠠᠵᠤ
ᠠᠭᠤᠯᠠ ᠤᠰᠤ ᠶ᠋ᠢ ᠣᠣᠬᠠᠶ᠋ᠢᠯᠠᠲᠠᠯᠡ ᠳᠠᠭᠤᠯᠠᠭᠰᠠᠭᠠᠷ
ᠵᠤᠨ ᠠᠶ᠋ᠢᠰᠤᠢ
ᠬᠠᠲᠤᠨ ᠭᠣᠣᠯ ᠬᠦᠬᠡᠮᠦ᠋ᠷᠡᠨ ᠯᠡ ᠪᠢᠰᠢ
ᠬᠠᠨ ᠬᠣᠷᠸ᠋᠎ᠠ ᠶ᠋ᠢᠨ ᠭᠣᠣᠯ ᠮᠥᠷᠡᠨ ᠪᠦᠬᠦᠨ ᠊ᠢ
ᠬᠠᠨᠠᠭᠠᠷ ᠬᠣᠷᠸ᠋᠎ᠠ ᠢᠭᠲᠦᠯᠲᠡᠯᠡ ᠬᠦᠬᠡᠮᠡᠶ᠋ᠢᠯᠡᠨ
ᠡᠭᠡᠰᠢᠭ᠌ᠯᠡᠭᠦᠯᠵᠦ
ᠨᠤᠲᠤᠭ ᠦ᠋ᠨ ᠪᠠᠷ᠎ᠠ ᠬᠠᠷᠠᠨ ᠬᠠᠷᠠᠨ ᠪᠠᠶᠠᠰᠤᠭᠰᠠᠭᠠᠷ
ᠵᠤᠨ ᠠᠶ᠋ᠢᠰᠤᠢ
ᠠᠷᠠᠳ ᠦ᠋ᠨ ᠳᠠᠭᠤᠤ ᠯᠡ ᠪᠢᠰᠢ
ᠠᠶᠠᠯᠭᠤ ᠨᠢ ᠬᠦᠷᠲᠡᠯ᠎ᠡ ᠴᠡᠴᠡᠭ ᠦ᠋ᠨ ᠴᠡᠪᠡᠷ ᠠᠮᠢᠰᠬᠤᠯ ᠲᠠᠢ
ᠠᠶ᠋ᠢᠵᠠᠮ ᠨᠢ ᠬᠦᠷᠲᠡᠯ᠎ᠡ ᠠᠶᠠᠨ ᠪ ᠬᠠᠯᠠᠭᠤᠨ ᠢᠯᠴᠢ ᠲᠡᠢ
ᠢᠷᠠᠭᠤ ᠨᠠᠶ᠋ᠢᠷᠠᠭ ᠦ᠋ᠨ ᠳᠠᠭᠤᠤ ᠬᠥᠭᠵᠢᠮ ᠊ᠢ ᠰᠣᠨᠢᠷᠬᠠᠭᠰᠠᠭᠠᠷ
ᠵᠤᠨ ᠠᠶ᠋ᠢᠰᠤᠢ
ᠴᠠᠭᠠᠨ ᠬᠡᠷᠡᠮ ᠯᠡ ᠪᠢᠰᠢ
ᠴᠠᠭᠠᠨ ᠬᠡᠷᠡᠮ ᠦ᠋ᠨ ᠡᠮᠦᠨ᠎ᠡ ᠤᠮᠠᠷ᠎ᠠ ᠳ᠋ᠠᠬᠢ
ᠶᠢᠰᠦᠨ ᠵᠸᠦ ᠶ᠋ᠢᠨ ᠡᠷᠲᠡ ᠡᠲᠦᠭᠡ ᠶ᠋ᠢᠨ ᠬᠤᠪᠢᠷᠠᠯ ᠬᠥᠭᠵᠢᠯ ᠊ᠢ
ᠨᠢᠲᠦ ᠡᠷᠭᠦᠨ ᠰᠢᠭᠦᠮᠵᠢᠯᠡᠨ ᠥᠭᠦᠯᠡᠭᠰᠡᠭᠡᠷ
ᠵᠤᠨ ᠠᠶ᠋ᠢᠰᠤᠢ
ᠨᠢᠲᠤᠨᠤᠨ ᠪ ᠵᠤᠨ ᠯᠡ ᠪᠢᠰᠢ
ᠵᠢᠯ ᠵᠢᠯ ᠪᠣᠯᠵᠤ ᠥᠩᠭᠡᠷᠡᠭᠰᠡᠨ ᠵᠤᠨ ᠪ
ᠶᠠᠯ᠎ᠠ ᠭᠠᠪᠢᠶ᠎ᠠ ᠶ᠋ᠢ ᠪᠤᠰᠤᠤᠠᠴᠢ ᠪᠠᠷ ᠤᠬᠠᠭᠠᠷᠠᠨ ᠲᠠᠨᠢᠵᠤ
ᠴᠡᠴᠡᠭ ᠡᠷᠭᠦᠨ ᠪᠡᠶᠡᠰᠦᠨ ᠪᠡᠶᠡᠰᠦᠨ ᠬᠤᠷᠤᠶ᠋ᠢᠯᠠᠭᠰᠠᠭᠠᠷ
ᠵᠤᠨ ᠠᠶ᠋ᠢᠰᠤᠢ
《 ᠮᠢᠨᠦ
ᠨᠤᠲᠤᠭ ᠦ᠋ᠨ ᠵᠤᠨ 》 ᠭᠡᠬᠦ
ᠰᠢᠯᠦᠭ ᠊ᠢ ᠮᠢᠨᠢ ᠪᠠᠬᠠᠷᠬᠠᠨ ᠤᠩᠰᠢᠬᠰᠠᠭᠠᠷ
ᠤᠮᠠᠷᠠᠲᠤ ᠨᠤᠲᠤᠭ ᠦ᠋ᠨ ᠮᠢᠨᠢ ᠰᠠᠶ᠋ᠢᠬᠠᠨ ᠵᠤᠨ ᠨᠢ ᠪᠣᠯᠵᠤ
ᠤᠯᠤᠰ ᠲᠦᠮᠡᠨ ᠪ ᠮᠢᠨᠢ ᠭᠤᠸ᠋᠎ᠠ ᠪᠠᠬᠠᠷᠬᠠᠯ ᠨᠢ ᠪᠣᠯᠵᠤ
ᠵᠤᠨ ᠢᠷᠡᠯᠦᠭᠡ
2023-5-6
ᠦᠰᠦᠭ ᠠᠮᠢᠯᠠᠭᠤᠯᠤᠭᠴᠢ ᠄ ᠲᠣ᠋ · ᠠᠯᠲᠠᠨᠴᠡᠴᠡᠭ
ᠬᠢᠨᠠᠭᠴᠢ ᠄ ᠣᠤᠠᠬᠠᠨᠰᠤ᠎ᠡ
