ᡂᠢ ᠪᠢ ᠶᠢᠨ ᠪᠠᠢᠯᠳᠤᠭᠠᠨЦи бийн байлдаан ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᡂᠢ ᠪᠢ ᠶᠢᠨ ᠪᠠᠢᠯᠳᠤᠭᠠᠨЦи бийн байлдаан

ᡂᠢ ᠪᠢ ᠶᠢᠨ ᠪᠠᠢᠯᠳᠤᠭᠠᠨЦи бийн байлдаан

2023-05-15

333

ᡂᠢ ᠪᠢ ᠶᠢᠨ ᠪᠠᠢᠯᠳᠤᠭᠠᠨ

  ᠵᠡᠭᠦᠨ ᠬᠠᠨ ᠤᠯᠤᠰ ᠤ᠋ᠨ ᠰᠡᠭᠦᠯᠴᠢ ᠶ᠋ᠢᠨ ᠦᠶ᠎ᠡ ᠳ᠋ᠦ᠍ ᠂ ᠼᠤᠤ ᠼᠤᠤ ᠬᠥᠬᠡ ᠮᠥᠷᠡᠨ ᠦ᠌ ᠡᠮᠦᠨ᠎ᠡ ᠳ᠋ᠡᠬᠢ ᠵᠡᠭᠦᠨ ᠡᠤ ᠤᠯᠤᠰ ᠤ᠋ᠨ ᠭᠠᠵᠠᠷ ᠨᠤᠲᠤᠭ ᠊ᠢ ᠪᠤᠯᠢᠶᠠᠨ ᠡᠵᠡᠯᠡᠷ᠎ᠡ ᠶᠡᠬᠡ ᠴᠡᠷᠢᠭ ᠳᠠᠭᠠᠭᠤᠯᠤᠨ ᠡᠮᠦᠨᠡᠰᠢ ᠣᠷᠣᠪᠠ ᠃ ᠵᠡᠭᠦᠨ ᠡᠤ ᠤᠯᠤᠰ ᠤ᠋ᠨ ᠵᠧᠦ ᠢᠦᠢ ᠴᠡᠷᠢᠭ ᠵᠠᠩᠵᠤᠨ ᠲᠣᠮᠢᠯᠠᠵᠤ ᠂ ᡂᠢ ᠪᠢ ᠳ᠋ᠦ᠍ ᠪᠣᠭᠣᠳᠠᠯᠯᠠ ᠼᠤᠤ ᠼᠤᠤ ᠶ᠋ᠢᠨ ᠴᠡᠷᠢᠭ ᠲᠡᠢ ᠮᠥᠷᠡᠨ ᠠᠯᠤᠰᠯᠠᠨ ᠡᠰᠡᠷᠭᠦᠯᠡᠵᠦ ᠂ ᠼᠤᠤ ᠼᠤᠤ ᠶ᠋ᠢᠨ ᠴᠡᠷᠢᠭ ᠮᠥᠷᠡᠨ ᠦ᠌ ᠬᠣᠶ᠋ᠢᠲᠤ ᠡᠷᠭᠢ ᠳ᠋ᠦ᠍ ᠂ ᠵᠧᠦ ᠢᠦᠢ ᠶ᠋ᠢᠨ ᠴᠡᠷᠢᠭ ᠮᠥᠷᠡᠨ ᠦ᠌ ᠡᠮᠦᠨᠡᠲᠦ ᠡᠷᠭᠢ ᠳ᠋ᠦ᠍ ᠪᠠᠶ᠋ᠢᠪᠠ ᠃
ᠼᠤᠤ ᠼᠤᠤ ᠶ᠋ᠢᠨ ᠴᠡᠷᠢᠭ ᠴᠥᠮ ᠤᠮᠠᠷᠠᠲᠤ ᠭᠠᠵᠠᠷ ᠤ᠋ᠨ ᠬᠥᠮᠦᠰ ᠲᠤᠯᠠ ᠣᠩᠭᠣᠴᠠᠨ ᠳ᠋ᠤ᠌ ᠰᠠᠭᠤᠵᠤ ᠳᠠᠰᠢᠭᠠᠳᠤᠢ ᠠᠵᠠᠢ ᠃ ᠭᠡᠪᠡᠴᠦ ᠥᠷᠭᠡᠨ ᠮᠥᠷᠡᠨ ᠊ᠢ ᠭᠠᠲᠤᠯᠬᠤ ᠳ᠋ᠤ᠌ ᠡᠷᠬᠡᠪᠰᠢ ᠣᠩᠭᠣᠴᠠᠨ ᠳ᠋ᠤ᠌ ᠰᠠᠭᠤᠬᠤ ᠦᠭᠡᠢ ᠪᠣᠯᠬᠤ ᠦᠭᠡᠢ ᠃ ᠼᠤᠤ ᠼᠤᠤ ᠮᠠᠰᠢ ᠣᠯᠠᠨ ᠣᠩᠭᠣᠴᠠ ᠶ᠋ᠢ ᠲᠡᠮᠦᠷ ᠭᠢᠨᠵᠢ ᠪᠡᠷ ᠬᠣᠯᠪᠣᠭᠤᠯᠤᠭᠠᠳ ᠳᠡᠭᠡᠷ᠎ᠡ ᠨᠢ ᠪᠠᠩᠰᠨ ᠳᠡᠪᠢᠰᠴᠦ ᠲᠠᠭᠰᠢ ᠭᠠᠵᠠᠷ ᠠᠳᠠᠯᠢ ᠪᠣᠯᠭᠠᠵᠠᠢ ᠃ ᠴᠡᠷᠢᠭ ᠦ᠋ᠳ ᠨᠢ ᠮᠥᠷᠡᠨ ᠳᠡᠭᠡᠷ᠎ᠡ ᠪᠠᠶ᠋ᠢᠯᠲᠤᠵᠤ ᠰᠣᠷᠣᠮᠠᠭᠴᠠ ᠼᠤᠤ ᠼᠤᠤ ᠮᠥᠷᠡᠨ ᠊ᠢ ᠭᠠᠲᠤᠯᠤᠨ ᠳᠠᠭᠠᠷᠢᠬᠤ ᠪᠠᠷ ᠬᠦᠯᠢᠶᠡᠵᠦ ᠪᠠᠶ᠋ᠢᠪᠠ ᠃
ᠵᠧᠦ ᠢᠦᠢ ᠶ᠋ᠢᠨ ᠭᠠᠷ ᠳᠣᠣᠷᠠᠬᠢ ᠡᠪᠦᠭᠡᠨ ᠵᠠᠩᠵᠤᠨ ᠬᠤᠸᠠᠩ ᠭᠠᠢ ᠬᠡᠯᠡᠪᠡ ᠄ 《 ᠼᠤᠤ ᠼᠤᠤ ᠶ᠋ᠢᠨ ᠴᠡᠷᠢᠭ ᠨᠠᠶᠠᠨ ᠲᠦᠮᠡ ᠂ ᠪᠢᠳᠡᠨ ᠦ᠌ ᠴᠡᠷᠢᠭ ᠭᠤᠷᠪᠠᠬᠠᠨ ᠲᠦᠮᠡ ᠂ ᠬᠦᠴᠦᠨ ᠮᠠᠰᠢ ᠶᠡᠬᠡ ᠵᠥᠷᠢᠶ᠎ᠡ ᠲᠡᠢ ᠃ ᠲᠡᠳᠡᠨ ᠲᠡᠢ ᠤᠳᠠᠭᠠᠨ ᠪᠠᠶ᠋ᠢᠯᠲᠤᠪᠠᠯ ᠪᠢᠳᠡᠨ ᠳ᠋ᠦ᠍ ᠠᠰᠢᠭ ᠦᠭᠡᠢ ᠃ ᠲᠡᠳᠡ ᠣᠩᠭᠣᠴᠠ ᠪᠠᠨ ᠲᠣᠯᠣᠭᠠᠢ ᠰᠡᠭᠦᠯ ᠊ᠢ ᠨᠢ ᠬᠣᠯᠪᠣᠵᠤ ᠴᠥᠮ ᠊ᠢ ᠦᠷᠭᠦᠯᠵᠢ ᠪᠣᠯᠭᠠᠭᠰᠠᠨ ᠲᠤᠯᠠ ᠭᠠᠭᠴᠠ ‍ᠬᠦ ᠭᠠᠯ ᠢ᠋ᠶ᠋ᠠᠷ ᠳᠠᠭᠠᠷᠢᠬᠤ ᠠᠷᠭ᠎ᠠ ᠶ᠋ᠢ ᠬᠡᠷᠡᠭᠯᠡᠪᠡᠯ ᠲᠡᠳᠡ ᠳᠤᠲᠠᠭᠠᠪᠠᠴᠤ ᠳᠤᠲᠠᠭᠠᠵᠤ ᠴᠢᠳᠠᠬᠤ ᠦᠭᠡᠢ 》 ᠭᠡᠪᠡ ᠃
ᠵᠧᠦ ᠢᠦᠢ ᠬᠡᠯᠡᠭᠰᠡᠨ ᠨᠢ ᠄ 《 ᠡᠨᠡ ᠠᠷᠭ᠎ᠠ ᠮᠠᠰᠢ ᠰᠠᠢᠨ ᠂ ᠭᠡᠪᠡᠴᠦ ᠭᠠᠯ ᠢ᠋ᠶ᠋ᠠᠷ ᠶᠠᠭᠠᠬᠢᠨ ᠳᠠᠭᠠᠷᠢᠬᠤ ᠠᠷᠭ᠎ᠠ ᠪᠠᠨ ᠰᠠᠶ᠋ᠢᠲᠤᠷ ᠪᠣᠳᠣᠬᠤ ᠬᠡᠷᠡᠭᠲᠡᠢ 》 ᠭᠡᠪᠡ ᠃ 《 ᠠᠷᠭ᠎ᠠ ᠤᠬᠠᠭᠠᠨ ᠊ᠢ ᠨᠢᠭᠡᠨᠲᠡ ᠪᠣᠳᠣᠵᠤ ᠭᠠᠷᠭᠠᠪᠠ 》 ᠭᠡᠮᠡᠨ ᠬᠤᠸᠠᠩ ᠭᠠᠢ ᠪᠣᠳᠣᠭᠰᠠᠨ ᠠᠷᠭ᠎ᠠ ᠪᠠᠨ ᠵᠧᠦ ᠢᠦᠢ ᠳ᠋ᠦ᠍ᠷ ᠬᠡᠯᠡᠪᠡᠰᠦ ᠵᠧᠦ ᠢᠦᠢ ᠰᠣᠨᠣᠰᠤᠭᠠᠳ ᠠᠯᠠᠰᠬᠢᠨ ᠪᠠᠶᠠᠷᠯᠠᠵᠤ ᠲᠡᠷᠡ ᠶᠣᠰᠣᠭᠠᠷ ᠬᠢᠲᠦᠭᠡᠢ ᠭᠡᠪᠡ ᠃
ᠬᠤᠸᠠᠩ ᠭᠠᠢ ᠂ ᠼᠤᠤ ᠼᠤᠤ ᠳ᠋ᠤ᠌ ᠵᠠᠬᠢᠳᠠᠯ ᠪᠢᠴᠢᠵᠦ ᠬᠥᠮᠦᠨ ᠲᠣᠮᠢᠯᠠᠨ ᠬᠦᠷᠭᠡᠭᠦᠯᠪᠡ ᠃ ᠵᠠᠬᠢᠳᠠᠯ ᠳ᠋ᠠᠭᠠᠨ ᠄ ᠡᠤ ᠤᠯᠤᠰ ᠤ᠋ᠨ ᠴᠡᠷᠢᠭ ᠴᠥᠭᠡᠨ ᠲᠤᠯᠠ ᠨᠠᠶᠠᠨ ᠲᠦᠮᠡᠨ ᠶᠡᠬᠡ ᠴᠡᠷᠢᠭ ᠊ᠢ ᠬᠡᠷᠬᠢᠪᠡᠴᠦ ᠬᠣᠷᠢᠭᠯᠠᠵᠤ ᠳᠡᠶ᠋ᠢᠯᠬᠦ ᠦᠭᠡᠢ ᠃ ᠵᠧᠦ ᠢᠦᠢ ᠬᠢᠷᠢ ᠪᠡᠨ ᠮᠡᠳᠡᠬᠦ ᠦᠭᠡᠢ ᠂ ᠥᠨᠳᠡᠭᠡ ᠪᠡᠷ ᠴᠢᠯᠠᠭᠤ ᠴᠣᠬᠢᠬᠤ ᠭᠡᠵᠦ ᠪᠠᠶ᠋ᠢᠬᠤ ᠲᠤᠯᠠ ᠳᠡᠶ᠋ᠢᠯᠦᠭᠳᠡᠨ᠎ᠡ ᠭᠡᠳᠡᠭ ᠊ᠢ ᠬᠡᠨ ᠴᠦ᠍ ᠪᠦᠷ ᠮᠡᠳᠡᠵᠦ ᠪᠣᠢ ᠃ ᠮᠢᠨᠦ ᠪᠡᠶ᠎ᠡ ᠵᠡᠭᠦᠨ ᠡᠤ ᠤᠯᠤᠰ ᠠ᠋ᠴᠠ ᠰᠠᠯᠵᠤ ᠮᠠᠰᠢ ᠣᠯᠠᠨ ᠴᠡᠷᠢᠭ ᠬᠢᠭᠡᠳ ᠬᠦᠨᠡᠰᠦ ᠪᠣᠷᠳᠣᠭ᠎ᠠ ᠶ᠋ᠢ ᠠᠪᠴᠤ ᠲᠠᠨ ᠳ᠋ᠤ᠌ ᠳᠠᠭᠠᠬᠤ ᠪᠠᠷ ᠣᠴᠢᠨ᠎ᠠ ᠭᠡᠵᠦ ᠪᠢᠴᠢᠵᠡᠢ ᠃
ᠬᠤᠸᠠᠩ ᠭᠠᠢ ᠶ᠋ᠢᠨ ᠵᠠᠬᠢᠳᠠᠯ ᠊ᠢ ᠦᠵᠡᠭᠡᠳ ᠼᠤᠤ ᠼᠤᠤ ᠶᠡᠬᠡᠳᠡ ᠪᠠᠶᠠᠷᠯᠠᠪᠠ ᠃
ᠨᠢᠭᠡᠨ ᠡᠳᠦᠷ ᠮᠥᠷᠡᠨ ᠳᠡᠭᠡᠷ᠎ᠡ ᠵᠡᠭᠦᠨ ᠡᠮᠦᠨ᠎ᠡ ᠶ᠋ᠢᠨ ᠰᠠᠯᠬᠢᠨ ᠰᠢᠷᠦᠭᠦᠰᠴᠦ ᠠᠭᠤᠯᠠ ᠮᠡᠲᠦ ᠳᠠᠪᠠᠯᠭᠠᠨ ᠪᠣᠰᠤᠨ ᠬᠣᠶ᠋ᠢᠲᠤ ᠡᠷᠭᠢ ᠤᠷᠤᠭᠤ ᠪᠠᠨ ᠴᠠᠯᠭᠢᠯᠠᠪᠠ ᠃ ᠼᠤᠤ ᠼᠤᠤ ᠰᠠᠯᠬᠢᠨ ᠊ᠢ ᠡᠰᠡᠷᠭᠦᠯᠡᠨ ᠪᠠᠷᠠᠯᠠᠨ ᠪᠠᠶ᠋ᠢᠲᠠᠯ᠎ᠠ ᠭᠡᠨᠡᠳᠲᠡ ᠨᠢᠭᠡ ᠬᠤᠶᠠᠭ ᠬᠤᠷᠤᠭᠤ ᠪᠠᠷ ᠵᠢᠭᠠᠵᠤ ᠄ 《 ᠮᠥᠷᠡᠨ ᠦ᠌ ᠡᠮᠦᠨ᠎ᠡ ᠵᠠᠬ᠎ᠠ ᠠ᠋ᠴᠠ ᠨᠢᠭᠡᠨ ᠬᠡᠰᠡᠭ ᠳᠠᠷᠪᠠᠭᠤᠯ ᠰᠠᠯᠬᠢᠨ ᠳ᠋ᠤ᠌ ᠫᠦᠩᠭᠦᠶ᠋ᠢᠵᠦ ᠂ ᠨᠠᠰᠢᠯᠠᠬᠤ ᠨᠢ ᠪᠥᠷᠲᠥᠯᠵᠡᠨ ᠬᠠᠷᠠᠭᠳᠠᠵᠤ ᠪᠣᠢ 》 ᠬᠡᠮᠡᠪᠡ ᠃ ᠼᠤᠤ ᠼᠤᠤ ᠨᠠᠷᠢᠪᠴᠢᠯᠠᠨ ᠠᠵᠢᠭᠯᠠᠪᠠᠰᠤ ᠦᠨᠡᠬᠡᠷ ᠨᠢᠭᠡᠨ ᠠᠩᠭᠢ ᠣᠩᠭᠣᠴᠠ ᠬᠣᠶ᠋ᠢᠲᠤ ᠡᠷᠭᠢ ᠶ᠋ᠢ ᠴᠢᠭᠯᠡᠨ ᠢᠷᠡᠪᠡ ᠃ ᠲᠦᠳᠡᠯ ᠦᠭᠡᠢ ᠮᠥᠷᠡᠨ ᠦ᠌ ᠳᠤᠮᠳᠠ ᠬᠦᠷᠴᠦ ᠢᠷᠠᠭᠰᠠᠨ ᠳ᠋ᠤ᠌ ᠣᠩᠭᠣᠴᠠᠨ ᠤ᠋ ᠬᠣᠰᠢᠭᠤ ᠳ᠋ᠤ᠌ 《 ᠬᠤᠸᠠᠩ 》 ᠥᠰᠥᠭᠲᠦ ᠳᠠᠯᠪᠠᠭ᠎ᠠ ᠡᠯᠭᠦᠵᠦ ᠪᠠᠶ᠋ᠢᠬᠤ ᠨᠢ ᠲᠣᠳᠣᠷᠬᠠᠢ ᠬᠠᠷᠠᠭᠳᠠᠪᠠ ᠃ ᠼᠤᠤ ᠼᠤᠤ ᠢᠨᠢᠶᠡᠵᠦ 《 ᠬᠤᠸᠠᠩ ᠭᠠᠢ ᠦᠭᠡ ᠪᠡᠨ ᠮᠠᠯᠵᠢᠭᠰᠠᠨ ᠦᠭᠡᠢ ᠂ ᠳᠠᠭᠠᠬᠤ ᠪᠠᠷ ᠢᠷᠡᠪᠡ 》 ᠭᠡᠪᠡ ᠃
ᠰᠠᠯᠬᠢ ᠤᠷᠤᠭᠤ ᠢᠷᠡᠵᠦ ᠪᠠᠶ᠋ᠢᠭ᠎ᠠ ᠣᠩᠭᠣᠴᠠ ᠨᠤᠭᠤᠳ ᠦᠨᠡᠬᠡᠷ ᠬᠤᠸᠠᠩ ᠭᠠᠢ ᠶ᠋ᠢᠨ ᠣᠩᠭᠣᠴᠠ ᠮᠥᠨ ᠪᠠᠶ᠋ᠢᠪᠠ ᠃ ᠨᠡᠶ᠋ᠢᠲᠡ ᠬᠣᠷᠢᠨ ᠶᠡᠬᠡ ᠣᠩᠭᠣᠴᠠ ᠪᠣᠢ ᠃ ᠡᠳᠡᠭᠡᠷ ᠣᠩᠭᠣᠴᠠ ᠶ᠋ᠢ ᠴᠥᠮ ᠣᠷᠬᠢᠭᠤᠯ ᠢ᠋ᠶ᠋ᠠᠷ ᠪᠦᠲᠦᠭᠡᠵᠡᠢ ᠃ ᠳᠣᠲᠣᠷ᠎ᠠ ᠨᠢ ᠰᠠᠭᠤᠭᠰᠠᠨ ᠴᠡᠷᠢᠭ ᠦᠭᠡᠢ ᠂ ᠬᠦᠨᠡᠰᠦ ᠪᠣᠷᠳᠣᠭ᠎ᠠ ᠴᠤ᠌ ᠲᠡᠭᠡᠭᠡᠭᠰᠡᠨ ᠦᠭᠡᠢ ᠃ ᠬᠠᠷᠢᠨ ᠵᠡᠭᠡᠰᠦ ᠂ ᠬᠠᠭᠤᠷᠠᠢ ᠲᠦᠯᠡᠭᠡ ᠠᠴᠢᠵᠤ ᠳᠡᠭᠡᠷ᠎ᠡ ᠡᠴᠡ ᠨᠢ ᠱᠡᠦ ᠂ ᠬᠦᠬᠦᠷ ᠠᠰᠬᠠᠭᠰᠠᠨ ᠠᠵᠠᠢ ᠃ ᠶᠡᠬᠡ ᠣᠩᠭᠣᠴᠠᠨ ᠤ᠋ ᠬᠣᠶ᠋ᠢᠨ᠎ᠠ ᠠ᠋ᠴᠠ ᠪᠠᠰᠠ ᠬᠡᠳᠦᠨ ᠵᠠᠪᠢ ᠴᠦᠷᠬᠦᠯᠡᠭᠰᠡᠨ ᠪᠠᠶ᠋ᠢᠪᠠ ᠃
ᠬᠤᠸᠠᠩ ᠭᠠᠢ ᠶ᠋ᠢᠨ ᠣᠩᠭᠣᠴᠠ ᠳᠠᠷᠪᠠᠭᠤᠯ ᠢ᠋ᠶ᠋ᠠᠨ ᠭᠦᠢᠴᠡᠳ ᠳᠡᠯᠭᠡᠵᠦ ᠬᠠᠷᠪᠤᠭᠰᠠᠨ ᠰᠤᠮᠤ ᠮᠡᠲᠦ ᠬᠤᠷᠳᠤᠨ ᠣᠷᠣᠭᠰᠢ ᠳᠠᠪᠰᠢᠨ᠎ᠠ ᠃ ᠵᠧᠦ ᠢᠦᠢ ᠴᠡᠷᠢᠭ ᠠᠪᠴᠤ ᠬᠣᠶ᠋ᠢᠨ᠎ᠠ ᠠ᠋ᠴᠠ ᠨᠢ ᠳᠠᠭᠠᠵᠤ ᠪᠠᠶ᠋ᠢᠪᠠ ᠃ ᠲᠡᠷᠲᠡᠭᠡ ᠡᠷᠭᠢ ᠳ᠋ᠡᠬᠢ ᠼᠤᠤ ᠼᠤᠤ ᠵᠥᠪᠬᠡᠨ ᠬᠤᠸᠠᠩ ᠭᠠᠢ ᠶ᠋ᠢ ᠳᠠᠭᠠᠬᠤ ᠪᠠᠷ ᠢᠷᠡᠪᠡ ᠭᠡᠮᠡᠨ ᠪᠠᠶᠠᠷᠯᠠᠭᠰᠠᠨ ᠠ᠋ᠴᠠ ᠪᠢᠰᠢ ᠶᠠᠮᠠᠷ ᠴᠤ᠌ ᠪᠡᠯᠡᠳᠬᠡᠯ ᠦᠭᠡᠢ ᠪᠠᠶ᠋ᠢᠵᠠᠢ ᠃
ᠬᠤᠸᠠᠩ ᠭᠠᠢ ᠶ᠋ᠢᠨ ᠣᠩᠭᠣᠴᠠ ᠼᠤᠤ ᠼᠤᠤ ᠶ᠋ᠢᠨ ᠣᠩᠭᠣᠴᠠᠨ ᠳ᠋ᠤ᠌ ᠬᠣᠶᠠᠷ ᠭᠠᠵᠠᠷ ᠵᠠᠢ ᠲᠠᠢ ᠣᠶ᠋ᠢᠷᠠᠲᠤᠮᠠᠭᠴᠠ ᠪᠠᠨ ᠴᠡᠷᠢᠭ ᠲᠡᠭᠡᠨ ᠵᠠᠷᠯᠠᠨ ᠬᠣᠷᠢᠨ ᠣᠩᠭᠣᠴᠠ ᠵᠡᠭᠡᠰᠦ ᠪᠡᠨ ᠨᠢᠭᠡᠨ ᠵᠡᠷᠭᠡ ᠨᠣᠴᠣᠭᠠᠵᠤ ᠥᠪᠡᠷᠰᠡᠳ ᠢ᠋ᠶ᠋ᠡᠨ ᠵᠠᠪᠢ ᠳᠡᠭᠡᠷ᠎ᠡ ᠪᠡᠨ ᠭᠠᠷᠴᠤ ᠴᠦᠷᠬᠦ ᠶ᠋ᠢ ᠲᠠᠶ᠋ᠢᠯᠪᠠ ᠃ ᠬᠣᠷᠢᠨ ᠣᠩᠭᠣᠴᠠ ᠭᠠᠯ ᠭᠱᠠᠨ ᠵᠠᠭᠤᠷ᠎ᠠ ᠼᠤᠤ ᠼᠤᠤ ᠶ᠋ᠢᠨ ᠣᠩᠭᠣᠴᠠ ᠤᠷᠤᠭᠤ ᠳᠠᠭᠠᠷᠢᠨ ᠣᠷᠣᠪᠠ ᠃ ᠼᠤᠤ ᠼᠤᠤ ᠶ᠋ᠢᠨ ᠣᠩᠭᠣᠴᠠ ᠨᠢᠭᠡᠨ ᠳᠣᠣᠷ᠎ᠠ ᠴᠥᠮ ᠭᠠᠯ ᠠᠪᠤᠯᠴᠠᠨ ᠰᠢᠲᠠᠪᠠ ᠃ ᠣᠩᠭᠣᠴᠠ ᠶ᠋ᠢ ᠪᠦᠷ ᠲᠡᠮᠦᠷ ᠭᠢᠨᠵᠢ ᠪᠡᠷ ᠬᠣᠯᠪᠣᠵᠤ ᠪᠠᠶ᠋ᠢᠬᠰᠠᠨ ᠲᠤᠯᠠ ᠰᠠᠯᠵᠤ ᠲᠠᠷᠬᠠᠵᠤ ᠴᠢᠳᠠᠬᠤ ᠦᠭᠡᠢ ᠪᠣᠯᠵᠠᠢ ᠃ ᠭᠠᠯ ᠪᠠᠰᠠ ᠡᠷᠭᠢ ᠳᠡᠭᠡᠷ᠎ᠡ ᠦᠷᠪᠢᠰᠦᠨ ᠬᠦᠷᠴᠦ ᠴᠡᠷᠢᠭ ᠦ᠋ᠨ ᠬᠦᠷᠢᠶ᠎ᠡ ᠴᠦ᠍ ᠨᠣᠴᠣᠵᠤ ᠡᠬᠢᠯᠡᠪᠡ ᠃
ᠭᠠᠯ ᠤ᠋ᠨ ᠭᠡᠷᠡᠯ ᠭᠠᠵᠠᠷ ᠲᠩᠷᠢ ᠶ᠋ᠢ ᠭᠦᠨ ᠤᠯᠠᠭᠠᠨ ᠪᠣᠯᠭᠠᠵᠤ ᠭᠠᠰᠢᠭᠤᠨ ᠬᠠᠷ᠎ᠠ ᠤᠲᠤᠭ᠎ᠠ ᠮᠥᠷᠡᠨ ᠊ᠢ ᠪᠦᠷᠬᠦᠵᠦ ᠂ ᠤᠰᠤ ᠡᠷᠭᠢ ᠬᠣᠶᠠᠷ ᠨᠢ ᠢᠯᠭᠠᠷᠠᠨ ᠲᠠᠨᠢᠭᠳᠠᠬᠤ ᠦᠭᠡᠢ ᠪᠣᠯᠪᠠ ᠃ ᠤᠬᠢᠯᠠᠬᠤ ᠳᠠᠭᠤᠨ ᠴᠢᠷᠠᠯᠠᠬᠤ ᠳᠠᠭᠤᠨ ᠬᠤᠳᠬᠤᠯᠳᠤᠨ ᠦᠢᠮᠡᠵᠦ ᠂ ᠼᠤᠤ ᠼᠤᠤ ᠶ᠋ᠢᠨ ᠬᠤᠶᠠᠭ ᠠᠭᠲᠠ ᠬᠣᠶᠠᠷ ᠤ᠋ᠨ ᠰᠢᠳᠡᠵᠦ ᠦᠬᠦᠭᠰᠡᠨ ᠨᠢ ᠲᠣᠭ᠎ᠠ ᠦᠭᠡᠢ ᠃
ᠼᠤᠤ ᠼᠤᠤ ᠵᠠᠪᠢ ᠳ᠋ᠤ᠌ ᠰᠠᠭᠤᠨ ᠡᠷᠭᠢ ᠳᠡᠭᠡᠷ᠎ᠡ ᠳᠤᠲᠠᠭᠠᠨ ᠭᠠᠷᠪᠠ ᠃ ᠠᠷᠤ ᠠ᠋ᠴᠠ ᠨᠢ ᠬᠡᠩᠭᠡᠷᠭᠡ ᠶ᠋ᠢᠨ ᠳᠠᠭᠤᠨ ᠭᠠᠵᠠᠷ ᠲᠩᠷᠢ ᠶ᠋ᠢ ᠳᠣᠩᠰᠣᠯᠭᠠᠨ ᠨᠢᠵᠢᠭᠢᠨᠡᠵᠦ ᠂ ᠵᠧᠦ ᠢᠦᠢ ᠶ᠋ᠢᠨ ᠴᠡᠷᠢᠭ ᠨᠡᠬᠡᠨ ᠢᠷᠡᠵᠡᠢ ᠃ ᠼᠤᠤ ᠼᠤᠤ ᠶ᠋ᠢᠨ ᠴᠡᠷᠢᠭ ᠂ ᠵᠧᠦ ᠢᠦᠢ ᠶ᠋ᠢᠨ ᠴᠡᠷᠢᠭ ᠦ᠋ᠨ ᠪᠠᠷ᠎ᠠ ᠪᠠᠷ ᠰᠠᠷᠨᠢᠨ ᠪᠤᠲᠠᠷᠠᠵᠤ ᠬᠤᠶᠠᠭ ᠳᠤᠭᠤᠯᠠᠭ᠎ᠠ ᠪᠠᠨ ᠭᠡᠭᠡᠨ ᠳᠤᠲᠠᠭᠠᠵᠤ ᠂ ᠡᠰᠡᠷᠭᠦᠴᠡᠨ ᠪᠠᠶ᠋ᠢᠯᠲᠤᠬᠤ ᠰᠡᠳᠬᠢᠯ ᠣᠭᠲᠣᠬᠠᠨ ᠴᠤ᠌ ᠦᠭᠡᠢ ᠃ ᠼᠤᠤ ᠼᠤᠤ ᠴᠡᠷᠢᠭ ᠢ᠋ᠶ᠋ᠡᠨ ᠳᠠᠭᠠᠭᠤᠯᠤᠨ ᠬᠤᠸᠠ ᠿᠦᠩ ᠳ᠋ᠣᠣ ᠵᠦᠭ ᠪᠤᠷᠤᠭᠤᠯᠠᠪᠠ ᠃

   ᠦᠰᠦᠭ ᠠᠮᠢᠯᠠᠭᠤᠯᠤᠭᠴᠢ ᠄ ᠱᠠᠭᠰᠠᠯ
   ᠬᠢᠨᠠᠭᠴᠢ ᠄ ᠣᠤᠠᠬᠠᠨᠰᠣ ‍ᠠ᠋

※ ᠢᠷᠡᠯᠲᠡ ᠄
ᠠᠯᠪᠠᠨ ᠵᠢᠷᠤᠮ ᠤ᠋ᠨ ᠲᠠᠪᠤᠨ ᠵᠢᠯ ᠦ᠋ᠨ ᠳᠦᠷᠢᠮᠲᠦ ᠪᠠᠭ᠎ᠠ ᠰᠤᠷᠭᠠᠭᠤᠯᠢ ᠳ᠋ᠤ᠌ ᠦᠵᠡᠬᠦ
ᠬᠡᠯᠡ ᠪᠢᠴᠢᠭ ᠳᠣᠯᠣᠳᠤᠭᠠᠷ ᠳᠡᠪᠲᠡᠷ

ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠨᠠᠶ᠋ᠢᠷᠠᠭᠤᠯᠤᠨ ᠬᠡᠪᠯᠡᠭᠦᠯᠪᠡ ᠃
ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠬᠦ ᠦᠢᠯᠡᠳᠪᠦᠷᠢ ᠬᠡᠪᠯᠡᠪᠡ ᠃
1991 ᠣᠨ ᠤ᠋3 ᠳ᠋ᠤᠭᠠᠷ ᠰᠠᠷ᠎ᠠ ᠳ᠋ᠤ᠌ ᠠᠩᠬᠠᠳᠤᠭᠠᠷ ᠬᠡᠪ ᠊ᠢ ᠬᠢᠪᠡ ᠃