3-05ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ-ᠨᠢᠳᠦᠨ ᠦ᠌ ᠡᠪᠡᠳᠴᠢᠨ ᠊ᠢ ᠵᠠᠰᠠᠬᠤ ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. 3-05ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ-ᠨᠢᠳᠦᠨ ᠦ᠌ ᠡᠪᠡᠳᠴᠢᠨ ᠊ᠢ ᠵᠠᠰᠠᠬᠤ

3-05ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ-ᠨᠢᠳᠦᠨ ᠦ᠌ ᠡᠪᠡᠳᠴᠢᠨ ᠊ᠢ ᠵᠠᠰᠠᠬᠤ

ᠠᠩᠭᠢᠯᠠᠯ:ᠡᠷᠡᠭᠦᠯ ᠡᠩᠬᠡ
2023-05-14

321

ᠨᠢᠳᠦᠨ ᠦ᠌ ᠡᠪᠡᠳᠴᠢᠨ ᠊ᠢ ᠵᠠᠰᠠᠬᠤ

   ᠡᠷᠬᠡᠲᠡᠨ ᠦ᠌ ᠬᠠᠭᠠᠨ ᠨᠢᠳᠦᠨ ᠡᠪᠡᠳᠴᠢᠨ ᠦ᠌ ᠳᠡᠶ᠋ᠢᠯᠦᠩᠭᠦᠢ ᠨᠢ ᠡᠯᠢᠭᠡᠨ ᠬᠠᠯᠠᠭᠤᠨ ᠬᠢᠭᠡᠳ ᠴᠢᠰᠤ ᠰᠢᠷ᠎ᠠ ᠡᠯᠢᠭᠡᠨ ᠳ᠋ᠦ᠍ ᠪᠠᠭᠤᠬᠤ ᠪᠠ ᠪᠥᠭᠡᠷᠡᠨ ᠬᠦᠢᠲᠡᠨ ᠂ ᠪᠤᠵᠠᠷ ᠠ᠋ᠴᠠ ᠪᠣᠯᠤᠮᠤᠢ ᠃ ᠨᠢᠳᠦᠨ ᠡᠪᠡᠳᠴᠢᠨ ᠦ᠌ ᠶᠡᠷᠦ ᠶ᠋ᠢᠨ ᠡᠮ ᠄ ᠭᠦᠷᠭᠦᠮ ᠂ ᠽᠤᠸᠠ ᠠᠸ᠎ᠠ ᠂ ᠶᠦᠩᠸ᠋᠎ᠠ ᠂ ᠭᠤᠨᠢᠶᠤᠳ ᠂ ᠭᠠᠨᠲᠢᠭ ᠂ ᠳ᠋ᠦ᠋ᠩᠽᠢ ᠮᠠᠷᠪᠤ ᠂ ᠵᠢᠷᠱᠥ᠋ᠨ ᠂ ᠵᠤᠭᠠᠩ ᠂ ᠳ᠋ᠤᠮᠷᠾᠢ ᠂ ᠰᠢᠩ ᠠᠷ ᠂ ᠪᠠᠱᠠᠭ᠎ᠠ ᠂ ᠵᠦᠷᠦᠷ᠎ᠠ ᠂ ᠯᠢᠰᠢ ᠂ ᠸᠠᠩᠯᠠᠭ ᠂ ᠷᠦᠳᠠ ᠂ ᠰᠠᠢᠨ ᠬᠠᠯᠮᠠᠭᠤᠶᠤᠤ ᠨᠤᠭᠤᠳ ᠊ᠢ ᠬᠤᠪᠢ ᠳᠠᠭᠱᠠ ᠨᠠᠶ᠋ᠢᠷᠠᠭᠤᠯᠤᠭᠰᠠᠨ ᠲᠠᠯᠬ᠎ᠠ ᠳ᠋ᠤ᠌ ᠶᠠᠰᠤ ᠶ᠋ᠢ ᠨᠢ ᠣᠷᠬᠢᠭᠰᠠᠨ ᠠᠷᠤᠷ᠎ᠠ1 ᠯᠠᠩ ᠊ᠢ ᠨᠢᠭᠡ ᠠᠶᠠᠭ᠎ᠠ ᠤᠰᠤᠨ ᠳ᠋ᠤ᠌ ᠬᠢᠵᠦ ᠲᠡᠮᠦᠷ ᠰᠠᠪᠠᠨ ᠳ᠋ᠤ᠌ ᠴᠢᠨᠠᠨ᠎ᠠ ᠃ ᠴᠢᠨᠠᠭᠰᠠᠨ ᠤᠰᠤ ᠶ᠋ᠢ ᠰᠠᠪᠠ ᠲᠠᠢ ᠨᠢ ᠭᠤᠷᠪᠠᠨ ᠡᠳᠦᠷ ᠲᠠᠯᠪᠢᠬᠤ ᠳ᠋ᠤ᠌ ᠠᠷᠤᠷ᠎ᠠ ᠶ᠋ᠢ ᠴᠢᠨᠠᠭᠰᠠᠨ ᠤᠰᠤᠨ ᠥᠩᠭᠡ ᠨᠢ ᠬᠥ ᠮᠡᠲᠦ ᠬᠠᠷᠠᠯᠠᠬᠤ ᠳ᠋ᠤ᠌ ᠲᠡᠭᠦᠨ ᠦ᠌ ᠳᠡᠭᠡᠷ᠎ᠡ ᠤᠷᠢᠳᠤᠬᠢ ᠡᠮ ᠦ᠋ᠨ ᠲᠠᠯᠬ᠎ᠠ ᠪᠦᠬᠦᠨ ᠊ᠢ ᠨᠡᠶ᠋ᠢᠯᠡᠭᠦᠯᠦᠨ ᠨᠤᠬᠤᠵᠤ ᠬᠠᠷᠠᠯᠠᠭᠤᠯᠤᠭᠠᠳ ᠪᠠᠯ ᠳ᠋ᠤ᠌ ᠮᠦᠬᠦᠯᠢᠭ᠌ᠯᠡᠵᠦ ᠂ ᠪᠠᠰᠠ ᠯᠠᠷᠽᠢ ᠲᠠᠢ ᠤᠰᠤᠨ ᠳ᠋ᠤ᠌ ᠳᠡᠪᠲᠦᠭᠡᠭᠰᠡᠨ ᠲᠡᠮᠦᠷ ᠮᠣᠭᠠᠢ ᠶ᠋ᠢ ᠨᠡᠮᠡᠪᠡᠰᠦ ᠳᠡᠭᠡᠳᠦ ᠪᠣᠯᠠᠢ ᠃ ᠵᠠᠯᠠᠭᠤ ᠨᠠᠷᠠᠨ —17 ᠪᠠᠷ ᠨᠢᠳᠦᠨ ᠡᠪᠡᠳᠴᠢᠨ ᠦ᠌ ᠠᠯᠢᠨ ᠳ᠋ᠤ᠌ ᠴᠤ᠌ ᠥᠪᠡᠷ ᠢ᠋ᠶ᠋ᠡᠨ ᠭᠠᠷᠤᠭᠰᠠᠨ ᠷᠠᠰᠢᠶᠠᠨ ᠮᠡᠲᠦ ᠶ᠋ᠢ ᠪᠡᠶ᠎ᠡ ᠪᠡᠷ ᠦᠵᠡᠭᠰᠡᠨ ᠪᠣᠯᠠᠢ ᠃
ᠨᠢᠳᠦᠨ ᠳᠠᠩ ᠄ ᠠᠷᠤᠷ᠎ᠠ ᠂ ᠵᠢᠷᠱᠥ᠋ᠨ ᠂ ᠵᠦᠷᠦᠷ᠎ᠠ ᠂ ᠪᠠᠷᠤᠷ᠎ᠠ ᠂ ᠽᠤᠸᠮᠤ ᠷᠦᠳᠠ ᠶ᠋ᠢ ᠬᠤᠪᠢ ᠳᠠᠭᠱᠠ ᠨᠠᠶ᠋ᠢᠷᠠᠭᠤᠯᠤᠭᠰᠠᠨ ᠳᠠᠩ ᠊ᠢ ᠲᠡᠮᠦᠷ ᠰᠠᠪᠠᠨ ᠳ᠋ᠤ᠌ ᠤᠳᠠᠭᠠᠨ ᠴᠢᠨᠠᠵᠤ ᠤᠤᠭᠤᠪᠠᠰᠤ ᠰᠠᠢᠨ ᠃ ᠰᠢᠨ᠎ᠡ ᠰᠠᠷᠠᠨ —6 ᠳᠠᠩ ᠨᠢ ᠨᠢᠳᠦᠨ ᠡᠪᠡᠳᠴᠢᠨ ᠪᠦᠬᠦᠨ ᠳ᠋ᠦ᠍ ᠲᠤᠰᠠᠯᠠᠮᠤᠢ ᠃
ᠪᠥᠭᠡᠷᠡᠨ ᠬᠡᠢ ᠬᠦᠢᠲᠡᠨ ᠢ᠋ᠶ᠋ᠡᠷ ᠨᠢᠳᠦ ᠭᠡᠮᠲᠦᠪᠡᠰᠦ ᠭᠠᠮᠠᠷ ᠂ ᠭᠠᠭᠤᠯᠠ ᠂ ᠱᠠᠹᠣᠷᠥ᠋ᠲᠠ ᠂ ᠬᠠᠯᠮᠠᠭᠤᠶᠤᠤ ᠂ ᠰᠥᠭᠮᠸᠯ ᠂ ᠵᠢᠷᠱᠥ᠋ᠨ ᠊ᠢ ᠬᠤᠪᠢ ᠲᠠᠭᠰᠢ ᠠ᠋ᠴᠠ ᠽᠤᠸᠮᠤ ᠶ᠋ᠢ ᠡᠷᠬᠢᠯᠡᠭᠰᠡᠨ ᠳᠡᠰ —7 ᠳᠠᠩ ᠊ᠢ ᠪᠤᠴᠠᠯᠭᠠᠵᠤ ᠤᠤᠭᠤᠪᠠᠰᠤ ᠲᠤᠰᠠᠯᠠᠬᠤ ᠶ᠋ᠢᠨ ᠠᠮᠲᠠᠰᠢᠯ ᠪᠣᠯᠠᠢ ᠃ ᠴᠠᠢ ᠪᠣᠯᠤᠨ ᠬᠣᠨᠢᠨ ᠪᠥᠭᠡᠷᠡᠨ ᠦ᠌ ᠮᠢᠬᠠᠨ ᠱᠥᠯᠦᠨ ᠳ᠋ᠦ᠍ ᠴᠢᠨᠠᠪᠠᠴᠤ ᠪᠣᠯᠬᠤ ᠃ ᠡᠭᠦᠨ ᠢ᠋ᠶ᠋ᠡᠷ ᠨᠢᠳᠦᠨ ᠡᠪᠡᠳᠴᠢᠨ ᠦ᠌ ᠶᠡᠬᠡ ᠣᠯᠠᠩᠬᠢ ᠨᠢ ᠡᠳᠡᠭᠡᠷᠡᠬᠦ ᠶ᠋ᠢ ᠦᠵᠡᠪᠡ ᠃ ᠵᠠᠷᠢᠮ ᠳ᠋ᠤᠨᠢ ᠡᠷᠬᠢᠮ —8 ᠶ᠋ᠢ ᠡᠨᠡ ᠳᠠᠩ ᠢ᠋ᠶ᠋ᠠᠷ ᠳᠠᠷᠤᠭᠤᠯᠵᠤ ᠦᠭᠭᠦᠭᠡᠳ ᠮᠤᠩᠬᠠᠭ ᠮᠢᠨᠦ ᠭᠠᠷ ᠤ᠋ᠨ ᠠᠪᠤᠯᠭ᠎ᠠ ᠣᠯᠠᠨᠲᠠ ᠲᠤᠰᠠ ᠭᠠᠷᠪᠠᠢ ᠃ ᠡᠰᠡ ᠪᠥᠭᠡᠰᠦ ᠡᠭᠦᠨ ᠯᠤᠭᠡ ᠨᠠᠷᠠᠨᠮᠠᠨᠲᠤᠯ ᠊ᠢ ᠶᠡᠬᠡ ᠳᠠᠩ —25 ᠪᠠᠷ ᠳᠠᠷᠤᠭᠤᠯᠪᠠᠰᠤ ᠪᠠᠰᠠ ᠲᠤᠰᠠᠲᠠᠢ ᠃
ᠨᠢᠳᠦᠨ ᠳ᠋ᠦ᠍ ᠰᠦᠷᠴᠢᠬᠦ ᠡᠮ ᠢᠨᠦ ᠂ ᠬᠢᠲᠠᠳ ᠤ᠋ᠨ ᠰᠢᠯ ᠯᠣᠩᠬᠣ ᠲᠠᠢ ᠶᠡᠬᠡ ᠴᠠᠭᠠᠨ ᠭᠠᠪᠤᠷ ᠂ ᠪᠡᠭᠡᠵᠢᠩ ᠡᠴᠡ ᠢᠷᠡᠳᠡᠭ ᠲᠡᠷᠡ ᠮᠡᠲᠦ ᠶ᠋ᠢᠨ ᠭᠠᠶ᠋ᠢᠬᠠᠮᠰᠢᠬᠲᠤ ᠡᠮ ᠦᠭᠡᠢ ᠃ ᠪᠠᠰᠠ ᠴᠤ᠌ ᠭᠠᠨᠲᠢᠭ ᠂ ᠳ᠋ᠦ᠋ᠩᠽᠢ ᠮᠠᠷᠪᠤ ᠂ ᠰᠤᠪᠤᠳ ᠂ ᠰᠢᠯ ᠭᠠᠪᠤᠷ ᠂ ᠬᠠᠴᠸ ᠭᠦᠷᠭᠦᠮ ᠂ ᠶᠦᠩᠸ᠎ᠠ ᠂ ᠬᠤᠩᠯᠸᠠ ᠂ ᠳ᠋ᠤᠮᠷᠾᠢ ᠶ᠋ᠢ ᠨᠢᠭᠲᠠ ᠲᠠᠯᠠᠭᠳᠠᠵᠤ ᠂ ᠬᠠᠭᠤᠷᠠᠢ ᠪᠠᠷ ᠲᠠᠯᠪᠢᠪᠠᠰᠤ ᠡᠨᠡ ᠨᠢ ᠨᠢᠳᠦᠨ ᠡᠪᠡᠳᠴᠢᠨ ᠂ ᠴᠠᠭ᠎ᠠ ᠲᠡᠷᠢᠭᠦᠲᠡᠨ ᠪᠦᠬᠦᠨ ᠳ᠋ᠦ᠍ ᠲᠤᠰᠠᠯᠠᠬᠤ ᠤᠪᠠᠳᠢᠰ ᠪᠣᠯᠠᠢ ᠃
   ᠦᠰᠦᠭ ᠠᠮᠢᠯᠠᠭᠤᠯᠤᠭᠴᠢ ᠄
   ᠬᠢᠨᠠᠭᠴᠢ ᠄ ᠣᠤᠠᠬᠠᠨᠰᠣ ‍ᠠ᠋