ᠵᠠᠩᠭᠠᠷ ᠦᠨ ᠣᠷᠣᠰᠢᠯ ᠪᠦᠯᠦᠭ ᠤᠨ ᠠᠷᠪᠠᠨ ᠭᠤᠷᠪᠠᠳᠤᠭᠠᠷ ᠬᠡᠰᠡᠭᠯᠡᠯ-ᠬᠠᠷ᠎ᠠ ᠵᠢᠯᠢᠩ ᠰᠤᠮᠤᠴᠢ ᠪᠠᠭᠠᠲᠤᠷ-Жангарын оршил бөлгийн арван гуравдугаар хэсэглэл-хар жилин сумч баатар ᠲᠤᠤᠯᠢᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠩᠭᠠᠷ ᠦᠨ ᠣᠷᠣᠰᠢᠯ ᠪᠦᠯᠦᠭ ᠤᠨ ᠠᠷᠪᠠᠨ ᠭᠤᠷᠪᠠᠳᠤᠭᠠᠷ ᠬᠡᠰᠡᠭᠯᠡᠯ-ᠬᠠᠷ᠎ᠠ ᠵᠢᠯᠢᠩ ᠰᠤᠮᠤᠴᠢ ᠪᠠᠭᠠᠲᠤᠷ-Жангарын оршил бөлгийн арван гуравдугаар хэсэглэл-хар жилин сумч баатар

ᠵᠠᠩᠭᠠᠷ ᠦᠨ ᠣᠷᠣᠰᠢᠯ ᠪᠦᠯᠦᠭ ᠤᠨ ᠠᠷᠪᠠᠨ ᠭᠤᠷᠪᠠᠳᠤᠭᠠᠷ ᠬᠡᠰᠡᠭᠯᠡᠯ-ᠬᠠᠷ᠎ᠠ ᠵᠢᠯᠢᠩ ᠰᠤᠮᠤᠴᠢ ᠪᠠᠭᠠᠲᠤᠷ-Жангарын оршил бөлгийн арван гуравдугаар хэсэглэл-хар жилин сумч баатар

ᠠᠩᠭᠢᠯᠠᠯ:ᠲᠤᠤᠯᠢᠰ
2023-05-14

781

ᠬᠠᠷ᠎ᠠ ᠵᠢᠯᠢᠩ ᠰᠤᠮᠤᠴᠢ ᠪᠠᠭᠠᠲᠤᠷ

ᠠᠯᠳᠠᠷ ᠨᠣᠶᠠᠨ ᠪᠣᠭᠳᠠ ᠵᠠᠩᠭᠠᠷ ᠤ᠋ᠨ᠂

ᠠᠷᠪᠠᠨ ᠬᠣᠶᠠᠷ ᠪᠠᠭᠠᠲᠤᠷ ᠤ᠋ᠨ ᠨᠢᠭᠡ ᠨᠢ᠂
ᠬᠠᠷᠠᠲᠠᠢ ᠠᠯᠳᠠᠷ ᠬᠠᠭᠠᠨ ᠤ᠋ ᠬᠥᠪᠡᠭᠦᠨ᠂
ᠬᠠᠷ᠎ᠠ ᠵᠢᠯᠢᠩ ᠰᠤᠮᠤᠴᠢ ᠶ᠋ᠢ ᠬᠡᠯᠡᠭᠡᠳ ᠢᠷᠡᠳᠡᠭ 
ᠪᠣᠯᠬᠤᠯ᠎ᠠ᠂

ᠬᠤᠷᠮᠤᠰᠲᠠ ᠲᠡᠭᠷᠢ ᠪᠡᠷ ᠨᠢᠰᠦᠭᠰᠡᠨ᠂
ᠣᠭᠣᠯᠢ ᠲᠣᠳᠢ ᠰᠢᠪᠠᠭᠤᠨ ᠢ᠋ ᠭᠡᠨ᠎ᠡ ᠯᠡ
ᠬᠠᠮᠠᠷ ᠤ᠋ᠨ ᠬᠢᠨᠢ ᠨᠦᠬᠡ ᠪᠡᠷ ᠬᠠᠷᠪᠤᠭᠰᠠᠨ ᠳ᠋ᠠᠭᠠᠨ᠂
ᠬᠠᠷ᠎ᠠ ᠵᠢᠯᠢᠩ ᠰᠤᠮᠤᠴᠢ ᠴᠣᠯᠠ ᠶ᠋ᠢ ᠠᠪᠤᠭᠰᠠᠨ ᠭᠡᠨ᠎ᠡ ᠯᠡ᠂
ᠣᠩᠭᠢ ᠠ᠋ᠴᠠ ᠨᠢ ᠤᠲᠤᠭ᠎ᠠ ᠮᠠᠨᠳᠤᠭᠤᠯᠤᠨ ᠬᠠᠷᠪᠤᠳᠠᠭ ᠭᠡᠨ᠎ᠡ ᠯᠡ᠂
ᠦᠵᠦᠭᠦᠷ ᠡᠴᠡ ᠨᠢ ᠭᠠᠯ ᠪᠠᠳᠠᠷᠠᠭᠤᠯᠤᠨ ᠬᠠᠷᠪᠤᠳᠠᠭ ᠭᠡᠨ᠎ᠡ ᠯᠡ᠂
ᠳᠠᠯᠠᠨ ᠬᠠᠭᠠᠨ ᠤ᠋ ᠨᠤᠲᠤᠭ ᠲᠠᠭᠠᠨ᠂
ᠬᠠᠷᠪᠤᠭᠠᠴᠢ ᠪᠠᠷ ᠢ᠋ᠶ᠋ᠠᠨ ᠨᠡᠷ᠎ᠡ ᠳᠤᠭᠤᠷᠠᠭᠰᠠᠨ᠂

ᠬᠠᠨᠴᠠᠨ ᠪᠣᠯᠤᠭᠰᠠᠨ ᠬᠠᠷ᠎ᠠ ᠪᠤᠭᠤᠷᠤᠯ ᠬᠦᠯᠦᠭ ᠲᠡᠢ᠂
ᠬᠠᠷ᠎ᠠ ᠵᠢᠯᠢᠩ ᠰᠤᠮᠤᠴᠢ ᠭᠡᠵᠦ ᠬᠡᠯᠡᠳᠡᠭ ᠰᠠᠨᠵᠠᠢ ᠭᠡᠨ᠎ᠡ ᠯᠡ᠃


ᠦᠭᠡᠰ ᠦ᠋ᠨ ᠲᠠᠢᠯᠪᠤᠷᠢ᠄
1·
ᠬᠠᠷ᠎ᠠ ᠵᠢᠯᠢᠩ ᠰᠤᠮᠤᠴᠢ᠁ ᠬᠠᠷ᠎ᠠ ᠳᠡᠰ ᠰᠢᠪᠠᠭᠤ ᠵᠡᠷᠭᠡ ᠶ᠋ᠢᠨ ᠬᠦᠴᠦᠲᠡᠢ ᠵᠢᠭᠦᠷᠲᠡᠨ ᠰᠢᠪᠠᠭᠤᠨ ᠤ᠋ ᠥᠳᠥᠲᠦ ᠰᠤᠮᠤ ᠪᠠᠷ ᠭᠠᠢᠬᠠᠯᠲᠠᠢ ᠮᠡᠷᠭᠡᠨ ᠬᠠᠷᠪᠤᠭᠠᠴᠢ᠃
2·
ᠳᠤᠭᠤᠷᠠᠭᠰᠠᠨ᠁ ᠠᠯᠳᠠᠷᠰᠢᠭᠰᠠᠨ᠂ ᠮᠡᠷᠭᠡᠰᠢᠭᠰᠡᠨ᠂ ᠣᠯᠠᠨ ᠳ᠋ᠤ᠌ ᠱᠠᠭᠰᠢᠭᠳᠠᠨ ᠭᠠᠢᠬᠠᠭᠳᠠᠭᠰᠠᠨ᠂ ᠮᠠᠭᠲᠠᠭᠠᠯ ᠰᠠᠢᠰᠢᠶᠠᠯ ᠢ᠋ ᠣᠯᠤᠭᠰᠠᠨ᠃
3
᠂ ᠬᠠᠷᠠᠲᠠᠢ ᠠᠯᠳᠠᠷ ᠬᠠᠭᠠᠨ᠁ ᠬᠠᠷ᠎ᠠ ᠵᠢᠯᠢᠩ ᠰᠤᠮᠤᠴᠢ ᠪᠠᠭᠠᠲᠤᠷ ᠤ᠋ᠨ ᠡᠴᠢᠭᠡ ᠨᠢ ᠮᠥᠨ᠃

  2023 ᠣᠨ ᠤ᠋5 ᠰᠠᠷ᠎ᠠ ᠶ᠋ᠢᠨ1 ᠳ᠋ᠦ᠍ ᠡᠯᠡᠰᠦᠲᠡᠢ ᠬᠣᠲᠠ ᠳ᠋ᠤ᠌ ᠪᠢᠴᠢᠵᠦ ᠲᠡᠮᠳᠡᠭᠯᠡᠪᠡ᠃ 

                  ᠳ᠂ ᠨᠠᠷᠠᠰᠤ᠃

ᠬᠠᠷ᠎ᠠ ᠵᠢᠯᠢᠩ ᠰᠤᠮᠤᠴᠢ ᠶᠢᠨ ᠲᠠᠢᠯᠤᠮᠵᠢ