ᠬᠣᠶᠠᠷ ᠨᠠᠷᠠХоёр нар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠶᠠᠷ ᠨᠠᠷᠠХоёр нар

ᠬᠣᠶᠠᠷ ᠨᠠᠷᠠХоёр нар

2023-05-14

315

ᠬᠣᠶᠠᠷ ᠨᠠᠷᠠ

ᠠᠯᠲᠠᠨ ᠠᠳᠠᠯᠢ
ᠰᠢᠵᠢᠷ ᠨᠠᠷᠠ
ᠠᠭᠠᠷ ᠳᠡᠭᠡᠷ᠎ᠡ
ᠭᠢᠯᠠᠯᠵᠠᠵᠤ ᠪᠠᠶ᠋ᠢᠨ᠎ᠠ ᠃
ᠠᠯᠠᠭ ᠨᠢᠳᠦ ᠶ᠋ᠢ ᠠᠨᠢᠭᠤᠯᠵᠤ ᠪᠠᠶ᠋ᠢᠬᠰᠠᠨ
ᠠᠶᠤᠯ ᠤ᠋ᠨ ᠬᠠᠷᠠᠩᠭᠤᠢ ᠶ᠋ᠢ
ᠠᠪᠤᠷᠠᠯ ᠦᠭᠡᠢ ᠦᠯᠳᠡᠭᠡᠳ
ᠠᠯᠤᠰ ᠣᠶ᠋ᠢᠷ᠎ᠠ
ᠠᠷᠪᠠᠨ ᠵᠦᠭ ᠊ᠢ
ᠠᠷᠴᠢᠭᠰᠠᠨ ᠠᠳᠠᠯᠢ
ᠭᠡᠶ᠋ᠢᠭᠦᠯᠵᠦ ᠪᠠᠶ᠋ᠢᠨ᠎ᠠ ᠃
ᠨᠠᠷᠠ ᠨᠠᠷᠠ
ᠰᠠᠢᠬᠠᠨ ᠪᠠᠶ᠋ᠢᠨ᠎ᠠ ᠃
ᠨᠠᠶ᠋ᠢᠷᠠᠭ ᠲᠠᠭᠠᠨ ᠮᠠᠭᠲᠠᠬᠤ ᠳ᠋ᠤ᠌
ᠪᠠᠬᠠᠲᠠᠢ ᠪᠠᠶ᠋ᠢᠨ᠎ᠠ ᠃

ᠣᠴᠢ ᠠᠳᠠᠯᠢ
ᠤᠯᠠᠭᠠᠨ ᠨᠠᠷᠠ
ᠣᠭᠲᠠᠷᠭᠤᠢ ᠳᠤᠮᠳᠠ
ᠤᠯᠠᠯᠵᠠᠵᠤ ᠪᠠᠶ᠋ᠢᠨ᠎ᠠ ᠃
ᠣᠷᠣᠬᠤ ᠭᠠᠵᠠᠷ ᠦᠭᠡᠢ
ᠪᠡᠭᠡᠷᠡᠭᠦᠯᠵᠦ ᠪᠠᠶ᠋ᠢᠬᠰᠠᠨ
ᠣᠯᠢᠭ ᠦᠭᠡᠢ ᠬᠦᠢᠲᠡᠨ ᠊ᠢ
ᠣᠶ᠋ᠢᠰᠢᠶᠠᠯ ᠦᠭᠡᠢ ᠲᠠᠭᠤᠭᠠᠳ
ᠣᠷᠴᠢᠯᠠᠩ ᠳᠠᠶᠠᠭᠠᠷ
ᠣᠯᠠᠨ ᠠᠮᠢᠲᠠᠨ ᠊ᠢ
ᠤᠷᠢᠨ ᠳᠤᠯᠠᠭᠠᠨ ᠢ᠋ᠶ᠋ᠠᠷ
ᠪᠦᠪᠡᠶ᠋ᠢᠯᠡᠵᠦ ᠪᠠᠶ᠋ᠢᠨ᠎ᠠ ᠃
ᠨᠠᠷᠠ ᠨᠠᠷᠠ
ᠰᠠᠢᠬᠠᠨ ᠪᠠᠶ᠋ᠢᠨ᠎ᠠ ᠂
ᠨᠠᠶ᠋ᠢᠷᠠᠭ ᠲᠠᠭᠠᠨ ᠮᠠᠭᠲᠠᠬᠤ ᠳ᠋ᠤ᠌
ᠪᠠᠬᠠᠲᠠᠢ ᠪᠠᠶ᠋ᠢᠨ᠎ᠠ ᠃

ᠲᠢᠪ ᠳᠡᠯᠡᠬᠡᠢ ᠶ᠋ᠢ
ᠭᠡᠶ᠋ᠢᠭᠦᠯᠬᠦ ᠡᠴᠡ
ᠲᠩᠷᠢ ᠶ᠋ᠢᠨ ᠨᠠᠷᠠ
ᠨᠢᠭᠡ ᠪᠠᠶ᠋ᠢᠲᠠᠭ ᠴᠤ᠌ ᠂
ᠲᠦᠮᠡᠨ ᠠᠷᠠᠳ ᠊ᠢ
ᠭᠡᠶ᠋ᠢᠭᠦᠯᠬᠦ ᠡᠴᠡ
ᠲᠥᠷᠥ ᠶ᠋ᠢᠨ ᠨᠠᠷᠠ ᠴᠦ᠍
ᠪᠠᠰᠠ ᠪᠠᠶ᠋ᠢᠲᠠᠭ ᠃
ᠲᠥᠷᠥ ᠶ᠋ᠢᠨ ᠨᠠᠷᠠ
ᠲᠩᠷᠢ ᠶ᠋ᠢᠨ ᠨᠠᠷᠠᠨ ᠠ᠋ᠴᠠ
ᠲᠦᠮᠡᠨ ᠬᠤᠪᠢ
ᠢᠯᠴᠢ ᠲᠡᠢ ᠂ ᠭᠡᠷᠡᠯ ᠲᠡᠢ ᠃
ᠲᠡᠭᠦᠨ ᠦ᠌ ᠠᠴᠢ ᠪᠠᠷ
ᠪᠢᠳᠡ ᠪᠦᠬᠦᠨ
ᠲᠦᠭᠡᠮᠡᠯ ᠵᠢᠷᠭᠠᠯ ᠊ᠢ
ᠡᠲᠯᠡᠵᠦ ᠪᠠᠶ᠋ᠢᠲᠠᠭ ᠃
ᠨᠠᠮ ᠨᠠᠮ
ᠨᠠᠷᠠ ᠪᠠᠶ᠋ᠢᠨ᠎ᠠ ᠂
ᠨᠠᠶ᠋ᠢᠷᠠᠭ ᠲᠠᠭᠠᠨ ᠮᠠᠭᠲᠠᠬᠤ ᠳ᠋ᠤ᠌
ᠰᠠᠢᠬᠠᠨ ᠪᠠᠶ᠋ᠢᠨ᠎ᠠ ᠃
   ᠦᠰᠦᠭ ᠠᠮᠢᠯᠠᠭᠤᠯᠤᠭᠴᠢ ᠄ ᠱᠠᠭᠰᠠᠯ
   ᠬᠢᠨᠠᠭᠴᠢ ᠄ ᠣᠤᠠᠬᠠᠨᠰᠣ ‍ᠠ᠋