ᠬᠠᠪᠤᠷ ᠬᠡᠦᠬᠡᠨ- ᠣ · ᠰᠡᠴᠡᠨᠳᠦХавар хүүхэн-О· Цэцэнт ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠪᠤᠷ ᠬᠡᠦᠬᠡᠨ- ᠣ · ᠰᠡᠴᠡᠨᠳᠦХавар хүүхэн-О· Цэцэнт

ᠬᠠᠪᠤᠷ ᠬᠡᠦᠬᠡᠨ- ᠣ · ᠰᠡᠴᠡᠨᠳᠦХавар хүүхэн-О· Цэцэнт

2023-05-14

436

ᠬᠠᠪᠤᠷ ᠬᠡᠦᠬᠡᠨ

                ᠣ · ᠰᠡᠴᠡᠨᠳᠦ
ᠡᠷᠲᠡᠨ ᠡᠳᠦᠭᠡ ᠶ᠋ᠢ ᠵᠢᠷᠠᠨ  ᠢ᠋ᠶ᠋ᠠᠷ ᠳᠤᠭᠤᠯᠤᠯ᠎ᠠ ᠴᠤ᠌
ᠥᠷᠲᠡᠭᠡ ᠤᠯᠠᠭ᠎ᠠ ᠶ᠋ᠢ ᠵᠠᠭᠤᠨ  ᠢ᠋ᠶ᠋ᠠᠷ ᠡᠪᠬᠡᠯ᠎ᠡ ᠴᠦ᠍
ᠡᠷᠭᠢᠯᠳᠦᠬᠦ ᠬᠠᠰ ᠤ᠋ᠨ ᠡᠷᠴᠢᠮ  ᠢ᠋ᠶ᠋ᠡᠷ
ᠡᠬᠡ ᠳᠡᠯᠡᠬᠡᠢ ᠶ᠋ᠢᠨ ᠡᠯᠢᠭᠡᠨ ᠳ᠋ᠦ᠍ ᠥᠨᠥᠳᠥᠷ

ᠶᠣᠣᠯᠠᠭᠰᠠᠨ ᠪᠥᠮᠪᠥᠷᠴᠡᠭ ᠦ᠋ᠨ ᠰᠤᠨᠢᠶᠠᠭᠰᠠᠨ ᠮᠥᠴᠡ
ᠶᠣᠷᠳᠣ  ᠶ᠋ᠢᠨ ᠭᠠᠯᠪᠠ ᠶ᠋ᠢᠨ ᠶᠠᠭ ᠡᠨᠡ ᠬᠣᠷᠣᠮ ᠳ᠋ᠤ᠌
ᠶᠠᠭᠠᠨ ᠳᠤᠷᠳᠤᠩ ᠠᠯᠴᠢᠭᠤᠷ ᠨᠠᠮᠢᠷᠠᠭᠤᠯᠤᠨ
ᠶᠠᠯᠢᠩ ᠮᠥᠩᠭᠥᠨ ᠲᠤᠶᠠᠭ᠎ᠠ ᠰᠠᠴᠤᠷᠠᠭᠤᠯᠤᠨ

ᠲᠥᠷᠬᠥᠮ ᠦ᠋ᠨ ᠰᠠᠢᠬᠠᠨ ᠨᠤᠲᠤᠭ  ᠢ᠋ᠶ᠋ᠠᠨ
ᠳᠤᠷᠠᠰᠤᠨ ᠳᠤᠷᠠᠰᠤᠨ ᠤᠶᠠᠷᠠᠨ ᠳᠠᠭᠤᠯᠠᠨ ᠰᠠᠨᠠᠵᠤ
ᠲᠡᠪᠴᠢᠶᠡᠷᠢ ᠠᠯᠲᠠᠨ ᠭᠡᠮᠦᠷ ᠵᠢᠮᠦᠷ ᠰᠠᠭᠤᠵᠤ
ᠲᠣᠭᠠᠯᠠᠯ ᠤ᠋ᠨ ᠵᠢᠮ᠎ᠡ ᠶ᠋ᠢ ᠲᠡᠰᠴᠦ ᠶᠠᠳᠠᠨ ᠬᠦᠯᠢᠶᠡᠵᠦ

ᠡᠪᠦᠯ ᠡᠪᠦᠭᠡᠨ ᠦ᠌ ᠮᠥᠩᠭᠥᠨ ᠣᠷᠳᠣᠨ ᠳ᠋ᠤ᠌
ᠠᠯᠲᠠ ᠴᠠᠭᠠᠨ ᠬᠠᠳᠠᠭ  ᠢ᠋ᠶ᠋ᠠᠨ ᠳᠡᠯᠭᠡᠨ ᠵᠣᠯᠭᠠᠵᠤ
ᠵᠢᠰᠢᠶᠠᠨ ᠤ᠋ ᠠᠯᠲᠠᠨ ᠲᠠᠮᠠᠭ᠎ᠠ ᠪᠠᠨ ᠡᠪᠦᠷᠲᠦᠯᠡᠵᠦ
ᠵᠤᠭ᠎ᠠ ᠨᠠᠢᠷ  ᠤ᠋ᠨ ᠳᠡᠪᠵᠢᠶᠡᠨ ᠡᠴᠡ ᠠᠶᠠᠷᠯᠠᠵᠤ

ᠬᠠᠮᠤᠭ ᠡᠷᠳᠡᠨᠢ ᠪᠡᠷ ᠴᠣᠭᠴᠠᠯᠠᠭᠰᠠᠨ
ᠬᠠᠰ ᠤ᠋ᠨ ᠣᠷᠳᠣᠨ ᠳ᠋ᠠᠭᠠᠨ ᠡᠭᠡᠵᠦ
ᠡᠯᠭᠦᠭᠦᠷ ᠮᠥᠩᠭᠥᠨ ᠲᠣᠪᠴᠢ ᠪᠠᠨ ᠲᠣᠪᠴᠢᠯᠠᠵᠤ
ᠡᠪᠯᠢᠭ ᠨᠣᠭᠣᠭᠠᠨ ᠪᠦᠰᠡ ᠪᠡᠨ ᠴᠢᠩᠭᠠᠯᠠᠵᠤ

ᠡᠷᠳᠡᠨᠢ ᠶ᠋ᠢᠨ ᠣᠯᠠᠨ ᠵᠢᠮᠰᠡᠭᠯᠡᠯ  ᠢ᠋ᠶ᠋ᠡᠷ ᠭᠣᠶᠣᠯᠠᠵᠤ
ᠡᠭᠦᠳᠡᠨ ᠦ᠌ ᠰᠤᠪᠤᠳ ᠤ᠋ᠨ ᠤᠨᠵᠢᠯᠭ᠎ᠠ ᠶ᠋ᠢ ᠰᠡᠬᠦᠵᠦ
ᠤᠶᠠᠭᠠᠨ ᠵᠠᠯᠠᠨ ᠥᠭᠡᠳᠡ ᠪᠡᠨ ᠳᠡᠪᠳᠡᠷᠢᠨ ᠬᠦᠷᠴᠦ
ᠠᠵᠢᠨᠠᠢ ᠬᠦᠯᠦᠭ ᠲᠡᠭᠡᠨ ᠠᠯᠠᠪᠬᠢᠨ ᠮᠣᠷᠳᠠᠵᠤ

ᠤᠰᠤ ᠨᠤᠲᠤᠭ ᠭᠠᠯ ᠭᠣᠯᠣᠮᠲᠠ ᠪᠣᠷᠣ ᠭᠡᠷ
ᠡᠬᠡ ᠬᠡᠯᠡ ᠪᠣᠰᠤᠭ᠎ᠠ ᠦᠰᠦᠭ ᠤᠤᠭᠠᠯ ᠰᠣᠶᠣᠯ
ᠤᠷᠲᠤ ᠶ᠋ᠢᠨ ᠳᠠᠭᠤᠤ ᠬᠥᠮᠡᠢ ᠬᠤᠭᠤᠷ ᠴᠣᠭᠣᠷ
ᠤᠯᠠᠭᠠᠨ ᠭᠠᠯᠠᠭᠤ ᠬᠤᠨ ᠰᠢᠪᠠᠭᠤ ᠪᠣᠯᠵᠣᠮᠣᠷ

ᠡᠪᠴᠢᠭᠦᠦ ᠳᠦᠭᠦᠷᠡᠩ ᠮᠥᠷᠥᠭᠡᠳᠦᠯ ᠬᠠᠯᠭᠢᠯᠠᠭᠤᠯᠤᠨ
ᠡᠩᠭᠡᠷ ᠳᠡᠪᠲᠦᠲᠡᠯ᠎ᠡ ᠮᠥᠩᠭᠥᠨ ᠰᠤᠪᠤᠳ ᠬᠡᠯᠬᠢᠨ
ᠡᠳᠦᠭᠡᠨ ᠲᠡᠭᠷᠢ ᠳ᠋ᠡᠭᠡᠨ ᠳᠠᠭᠠᠳᠬᠠᠨ ᠵᠠᠯᠪᠠᠷᠢᠨ
ᠦᠷ ᠦ᠋ᠨ ᠴᠣᠯᠮᠣᠨ ᠢ᠋ ᠭᠢᠯᠠᠯᠵᠠᠭᠤᠯᠤᠨ ᠳᠠᠪᠬᠢᠭᠤᠯᠤᠨ

ᠳᠦᠩᠭᠦᠷ ᠳᠦᠩᠭᠦᠷ ᠠᠭᠤᠯᠠᠰ ᠤ᠋ᠨ ᠣᠷᠣᠢ ᠪᠠᠷ
ᠲᠣᠷᠭᠠᠨ ᠲᠣᠷᠭᠠᠨ ᠡᠭᠦᠯᠡᠰ ᠦ᠋ᠨ ᠰᠡᠵᠢᠭᠦᠷ  ᠢ᠋ᠶ᠋ᠡᠷ
ᠲᠤᠨᠤᠮᠠᠯ ᠰᠠᠷᠠᠨ ᠤ᠋ ᠵᠢᠮᠡᠢ᠋ᠭ᠌ᠰᠡᠨ ᠭᠠᠩᠭᠠᠷᠠᠯ  ᠢ᠋ᠶ᠋ᠠᠷ
ᠲᠤᠯᠠᠯᠵᠠᠮᠠᠯ ᠨᠠᠷᠠᠨ ᠤ᠋ ᠲᠠᠩᠬᠢ ᠰᠠᠴᠤᠷᠠᠭ  ᠢ᠋ᠶ᠋ᠠᠷ

ᠡᠭᠦᠯᠡᠨ ᠮᠠᠨᠳᠠᠯ ᠳ᠋ᠤ᠌ ᠣᠭᠰᠢᠵᠤ
ᠡᠷᠳᠡᠨᠢ ᠶ᠋ᠢᠨ ᠬᠤᠷ᠎ᠠ ᠪᠠᠷ ᠷᠠᠰᠢᠶᠠᠯᠠᠵᠤ
ᠠᠭᠠᠭ ᠲᠠᠢ ᠴᠠᠢᠨ ᠳ᠋ᠤ᠌ ᠬᠦᠪᠦᠷᠡᠵᠦ
ᠠᠷᠤ ᠶ᠋ᠢᠨ ᠰᠢᠯᠢ ᠳ᠋ᠦ᠍ ᠨᠣᠭᠣᠭ᠎ᠠ ᠵᠤᠭᠤᠷᠠᠭᠤᠯᠵᠤ

ᠬᠥᠨᠳᠡᠢᠯᠡᠭᠰᠡᠨ ᠠᠭᠤᠯᠠᠰ  ᠢ᠋ᠶ᠋ᠠᠨ ᠰᠢᠷᠲᠡᠵᠦ
ᠬᠠᠲᠠᠭᠰᠠᠨ ᠨᠠᠭᠤᠷ  ᠢ᠋ᠶ᠋ᠠᠨ ᠬᠠᠷᠠᠵᠤ
ᠬᠠᠭᠤᠷᠠᠢ ᠭᠣᠣᠯ ᠤ᠋ᠨ ᠰᠠᠢᠷᠠᠮ ᠊ᠢ ᠬᠠᠢᠵᠤ
ᠬᠣᠲᠠ ᠶ᠋ᠢᠨ ᠪᠤᠬᠢᠨᠢᠳᠤᠭᠤ ᠠᠭᠠᠷ ᠢ᠋ ᠵᠢᠭᠰᠢᠵᠦ

ᠬᠠᠷᠠᠭ᠎ᠠ ᠨᠢ ᠪᠦᠷᠦᠯᠵᠡᠵᠦ ᠨᠢᠯᠪᠤᠰᠤ ᠳᠤᠰᠤᠯᠠᠬᠤ ᠳ᠋ᠤ᠌
ᠬᠠᠷᠠᠰᠠᠭᠤᠯ ᠤ᠋ᠨ ᠬᠤᠢ ᠰᠠᠯᠬᠢ ᠳᠡᠭᠳᠡᠵᠦ
ᠬᠠᠭᠠᠨ ᠪᠠᠢᠭᠠᠯᠢ  ᠶ᠋ᠢᠨ ᠵᠢᠭᠰᠠᠭᠠᠯ ᠢ᠋ ᠰᠢᠳᠢᠴᠢᠯᠡᠵᠦ
ᠬᠠᠷ᠎ᠠ ᠲᠦᠷᠦᠭᠦᠳᠡᠨ ᠳ᠋ᠦ᠍ ᠨᠢᠭᠡ ᠶ᠋ᠢ ᠥᠭᠦᠯᠡᠨᠡᠮ

ᠤᠷᠲᠤ ᠪᠠᠷ ᠰᠠᠨᠠᠭ᠎ᠠ ᠠᠯᠳᠠᠭᠰᠠᠨ ᠴᠤ᠌
ᠠᠮᠢ ᠪᠦᠬᠦᠨ ᠢ᠋ ᠡᠩᠬᠦᠢ᠍ᠷᠡᠯᠡᠵᠦ
ᠢᠴᠡᠭᠡᠯᠡᠭᠰᠡᠳ  ᠢ᠋ᠶ᠋ᠡᠨ ᠰᠡᠷᠢᠭᠡᠵᠦ
ᠤᠷᠭᠤᠳᠠᠭ ᠪᠦᠬᠦᠨ ᠢ᠋ ᠢᠯᠪᠢᠵᠦ

ᠳᠡᠪᠡᠯ  ᠢ᠋ᠶ᠋ᠡᠨ ᠰᠣᠯᠢᠬᠤ ᠳᠡᠯᠡᠬᠡᠢ ᠳ᠋ᠦ᠍
ᠵᠤᠪᠴᠠᠭ᠎ᠠ ᠲᠡᠷᠯᠢᠭ ᠢ᠋ ᠨᠢ ᠡᠮᠦᠰᠬᠡᠵᠦ
ᠳᠡᠯᠪᠢ ᠪᠡᠨ ᠵᠠᠳᠠᠯᠬᠤ ᠴᠡᠴᠡᠭᠡᠰ ᠲᠦ᠍
ᠵᠥᠭᠡᠢ ᠡᠷᠪᠡᠬᠡᠢ ᠶ᠋ᠢ ᠨᠢ ᠪᠥᠵᠢᠭᠦᠯᠵᠦ

ᠬᠠᠢᠷ᠎ᠠ ᠶ᠋ᠢᠨ ᠴᠡᠩᠬᠡᠷ ᠬᠠᠳᠠᠭ ᠨᠢ
ᠬᠠᠨ ᠲᠡᠭᠷᠢ ᠳ᠋ᠡᠭᠡᠨ ᠳᠤᠯᠠᠯᠵᠠᠵᠤ
ᠬᠣᠰᠢᠭᠤᠷᠠᠨ ᠨᠢᠰᠬᠦ ᠭᠠᠯᠠᠭᠤᠳ ᠨᠢ
ᠬᠤᠰᠤᠳᠠᠢ ᠨᠠᠭᠤᠷ ᠲᠠᠭᠠᠨ ᠲᠤᠬᠠᠯᠠᠵᠤ

ᠬᠥᠪᠰᠥᠭᠦᠷ ᠵᠥᠭᠡᠯᠡᠨ ᠬᠥᠷᠥᠰᠥ ᠨᠠᠯᠠᠢᠵᠤ
ᠬᠥᠭᠡᠷᠦᠬᠦᠨ ᠶᠠᠭᠠᠨ ᠰᠣᠶᠣᠭ᠎ᠠ ᠴᠢᠬᠢᠯᠡᠵᠦ
ᠬᠠᠰᠢᠶᠠᠨ ᠤ᠋ ᠬᠣᠨᠢ ᠮᠠᠯ ᠮᠠᠢᠯᠠᠵᠤ ᠮᠦᠭᠡᠷᠦᠯᠳᠦᠨ
ᠬᠣᠯᠠ ᠶ᠋ᠢᠨ ᠲᠡᠷᠭᠡᠯ ᠬᠥᠳᠡᠭᠡ ᠵᠡᠷᠭᠡᠯᠭᠡᠨᠳᠡᠨ᠎ᠡ

            2023 ᠂ 4 ᠂ 2

   ᠦᠰᠦᠭ ᠠᠮᠢᠯᠠᠭᠤᠯᠤᠭᠴᠢ ᠄ᠣ‍ · ᠰᠡᠴᠡᠨᠲᠦ
   ᠬᠢᠨᠠᠭᠴᠢ ᠄ ᠤᠳᠬᠠᠨᠰᠤ᠎ᠠ