ᠨᠡᠷ᠎ᠡ – ᠱ · ᠰᠦᠷᠦᠩᠵᠠᠪ Нэр – Ш · Сүрэнжав
ᠨᠡᠷ᠎ᠡ
ᠱ · ᠰᠦᠷᠦᠩᠵᠠᠪ
ᠴᠢᠬᠡᠴᠠᠢ ᠶ᠋ᠢᠨ ᠴᠢᠨᠡᠭᠡᠬᠡᠨ ᠪᠠᠶ᠋ᠢᠬᠤ ᠳ᠋ᠤ᠌᠂
《 ᠴᠢᠨᠦᠬᠢ 》 ᠭᠡᠵᠦ
ᠴᠢᠬᠢᠨ ᠳ᠋ᠤ᠌ ᠠᠪᠤ ᠮᠢᠨᠢ ᠭᠤᠷᠪᠠ ᠰᠢᠪᠡᠨᠡᠬᠦ ᠳ᠋ᠤ᠌
ᠴᠡᠭᠡᠵᠢᠯᠡᠭᠰᠡᠨ ᠨᠡᠷ᠎ᠡ ᠃
ᠥᠭᠡᠲᠡᠰᠦᠬᠡᠨ ᠨᠠᠰᠤ ᠠ᠋ᠴᠠ ᠪᠠᠨ
ᠥᠮᠴᠢᠯᠡᠭᠰᠡᠨ ᠨᠡᠷ᠎ᠡ ᠃
ᠥᠪᠡᠷ ᠦ᠋ᠨ ᠴᠢᠨᠢ ᠨᠡᠷ᠎ᠡ ᠃
ᠲᠣᠬᠣᠢ ᠶ᠋ᠢᠨ ᠴᠢᠨᠡᠭᠡᠬᠡᠨ ᠪᠠᠶ᠋ᠢᠬᠤ ᠳ᠋ᠠᠭᠠᠨ
ᠲᠣᠭᠯᠠᠭᠠᠮ ᠳ᠋ᠤ᠌ ᠤᠯᠠᠶ᠋ᠢᠷᠠᠭᠠᠳ
ᠲᠣᠩᠭᠣᠶ᠋ᠢᠵᠤ ᠰᠠᠭᠤᠬᠤ ᠳ᠋ᠤ᠌
ᠬᠦᠦ ᠮᠢᠨᠢ ᠭᠡᠵᠦ ᠳᠠᠭᠤᠳᠠᠬᠤ
ᠡᠵᠢ ᠶ᠋ᠢᠨ ᠶ᠋ᠢᠡᠨ ᠳᠠᠭᠤ ᠪᠠᠷ
ᠬᠥᠯ ᠨᠢᠴᠦᠭᠦᠨ ᠳᠡᠭ᠍ᠳᠡᠭ᠍ᠰᠡᠨ ᠨᠡᠷ᠎ᠡ ᠃
ᠲᠣᠮᠣᠬ᠋ᠠ ᠦᠭᠡᠢ ᠨᠠᠰᠤᠨ ᠳ᠋ᠤ᠌
ᠰᠤᠷᠤᠭᠴᠢ ᠶ᠋ᠢᠨ ᠰᠢᠷᠡᠭᠡᠨ ᠳᠡᠭᠡᠷ᠎ᠡ ᠪᠠᠶ᠋ᠢᠯ᠎ᠠ ᠃
ᠲᠣᠷᠨᠢᠭᠤᠨ ( ᠲᠣᠩᠭᠢᠯᠠᠭᠠᠳ ) ᠨᠠᠰᠤᠨ ᠳ᠋ᠤ᠌
ᠴᠡᠷᠢᠭ ᠦ᠋ᠨ ᠪᠦᠷᠢᠤᠠᠬᠡᠯ ᠳᠡᠭᠡᠷ᠎ᠡ ᠪᠠᠶ᠋ᠢᠯ᠎ᠠ ᠃
ᠤᠷᠢ ᠨᠠᠰᠤᠨ ᠳ᠋ᠤ᠌
ᠵᠠᠬᠢᠲᠠᠯ ᠦ᠋ᠨ ᠬᠠᠭᠤᠲᠠᠰᠤᠨ ᠳᠡᠭᠡᠷ᠎ᠡ ᠪᠠᠶ᠋ᠢᠯ᠎ᠠ ᠃
ᠣᠩᠭᠣᠳ ᠲᠥᠷᠥᠵᠦ
ᠨᠠᠶ᠋ᠢᠷᠠᠭ ᠦ᠋ᠨ ᠨᠣᠮ ᠦ᠋ᠨ ᠬᠠᠪᠲᠠᠰᠤᠨ ᠳᠡᠭᠡᠷ᠎ᠡ ᠪᠠᠶ᠋ᠢᠯ᠎ᠠ ᠃
ᠥᠪᠡᠷ ᠲᠦ ᠣᠨᠣᠭᠲᠠᠭᠰᠠᠨ ᠨᠡᠷ᠎ᠡ ᠪᠡᠨ
ᠢᠰᠬᠦᠯᠵᠦ ᠬᠤᠭᠤᠯᠤᠬ᠋ᠠ ᠦᠭᠡᠢ
ᠥᠷᠥᠭᠡᠯ ᠪᠤᠰᠤᠳ ᠲᠤ ᠬᠤᠲᠠᠯᠲᠤᠬ᠋ᠠ ᠦᠭᠡᠢ
ᠥᠩᠭᠡ ᠵᠢᠰᠤᠷ ᠦ᠋ᠨ ᠰᠢᠷᠡᠭᠡᠨ ᠳᠡᠭᠡᠷ᠎ᠡ ᠡᠴᠡ
ᠡᠪᠦᠳᠦᠭ ᠳᠣᠣᠷ᠎ᠠ ᠪᠠᠨ ᠢᠪᠡᠭᠡ ᠦᠭᠡᠢ ᠃
ᠬᠡᠭᠡᠯᠭᠡᠨ ᠡᠨᠡ ᠨᠡᠷ᠎ᠡ ᠪᠡᠨ
ᠭᠡᠭᠡᠨ ᠡᠲᠦᠷ ᠤᠲᠠᠰᠤᠨ ᠪ ᠬᠠᠷᠢᠯᠴᠠᠭᠤᠷ ᠲᠤ ᠬᠠᠰᠬᠢᠷᠴᠤ ᠶᠠᠪᠤᠯ᠎ᠠ ᠃
ᠭᠡᠷᠡᠯ ᠦᠭᠡᠢ ᠰᠥᠨᠢ
ᠬᠥᠨᠵᠢᠯᠡ ᠶ᠋ᠢᠨ ᠰᠡᠵᠢᠭᠦᠷ ᠲᠦ ᠰᠢᠪᠡᠨᠡᠵᠦ ᠶᠠᠪᠤᠯ᠎ᠠ ᠃
ᠭᠡᠷ ᠲᠡᠷᠢᠭᠦᠯᠡᠵᠦ
ᠭᠡᠷᠭᠡᠢ ᠳ᠋ᠡᠭᠡᠨ ᠳᠠᠭᠤᠳᠠᠭᠤᠯᠵᠤ ᠶᠠᠪᠤᠯ᠎ᠠ ᠃
ᠥᠪᠡᠷ ᠲᠤ ᠣᠨᠣᠭᠲᠠᠭᠰᠠᠨ ᠡᠨᠡ ᠨᠡᠷ᠎ᠡ ᠪᠡᠨ ᠡᠷᠭᠦᠵᠦ ᠶᠠᠪᠤᠪᠠᠯ ᠪᠠᠬᠠᠷᠬᠠᠯ !
ᠥᠮᠴᠢᠯᠡᠵᠦ ᠠᠪᠤᠭᠰᠠᠨ ᠭᠠᠭᠴᠠ ᠨᠡᠷ᠎ᠡ ᠪᠡᠨ
ᠥᠶᠥᠭᠡᠲᠡᠭᠦᠯᠵᠦ ᠤᠨᠠᠭᠠᠪᠠᠯ ᠭᠣᠲᠣᠮᠰᠢᠬ !
ᠵᠠᠯᠠᠭᠤᠬᠠᠨ ᠠᠮᠠᠷᠠᠭ ᠦ᠋ᠨ ᠶ᠋ᠢᠠᠨ
ᠰᠡᠤᠠᠬᠢᠯ ᠊ᠢ ᠰᠡᠪᠲᠦᠭᠡᠬᠦ ᠰᠢᠭ᠌
ᠽᠠᠨᠲᠠᠩᠬᠠᠨ ᠤᠯᠢᠶᠠᠰᠤᠨ ᠪ ᠪᠠᠨ
ᠮᠥᠴᠢᠷ ᠊ᠢ ᠬᠤᠭᠤᠯᠤᠭᠰᠠᠨ ᠪᠣᠯ ᠡᠮᠭᠡᠨᠢᠯ !
ᠡᠯᠦᠨᠴᠡ ᠡᠴᠢᠭᠡ ᠶ᠋ᠢᠨ ᠶ᠋ᠢᠡᠨ ᠶᠠᠰᠤ ᠶ᠋ᠢ ᠥᠨᠲᠡᠯᠵᠡᠭᠦᠯᠵᠦ
ᠡᠬᠡ ᠶ᠋ᠢᠨ ᠴᠢᠨᠢ ᠰᠦᠨᠡᠰᠦ ᠬᠡᠯᠡ ᠦᠭᠡᠢ ᠰᠢᠪᠠᠭᠤ ᠪᠣᠯᠤᠭᠰᠠᠨ ᠪᠣᠯ ᠭᠤᠨᠢᠬ !
ᠰᠠᠶ᠋ᠢᠨ ᠬᠥᠮᠦᠨ ᠨᠡᠷ᠎ᠡ ᠪᠡᠨ ᠭᠡᠳᠡᠭ
ᠰᠠᠶ᠋ᠢᠬᠠᠨ ᠰᠢᠪᠠᠭᠤ ᠥᠲᠥ ᠪᠡᠨ ᠭᠡᠳᠡᠭ !
ᠠᠯᠤᠰ ᠦ᠋ᠨ ᠭᠠᠵᠠᠷ ᠠᠯᠲᠠᠷ ᠊ᠢ ᠴᠢᠨᠢ ᠳᠠᠭᠤᠳᠠᠬᠤ ᠳ᠋ᠤ᠌
ᠤᠯᠤᠰ ᠦ᠋ᠨ ᠳᠠᠯᠪᠠᠬ᠋ᠠ ᠤᠷᠤᠯᠲᠤᠨ ᠪᠣᠰᠤᠨ᠎ᠠ ᠃
ᠤᠶᠠᠷᠠᠯ ᠦ᠋ᠨ ᠨᠢᠯᠪᠤᠰᠤ ᠵᠣᠪᠬᠢᠨ ᠳ᠋ᠤ᠌ ᠬᠤᠷᠠᠵᠤ
ᠤᠯᠠᠭᠠᠨ ᠬᠥᠬᠡ ᠥᠩᠭᠡᠨ ᠳ᠋ᠤ᠌ ᠲᠤᠨᠤᠨ᠎ᠠ ᠃
ᠡᠷᠲᠡᠨᠢ ᠶ᠋ᠢᠨ ᠰᠣᠶᠣᠩᠪᠣ ᠪᠠᠷ
ᠡᠩᠭᠡᠷ ᠲᠤ ᠭᠡᠷᠡᠯᠲᠦᠨ
ᠡᠬᠡ ᠣᠷᠣᠨ ᠪ ᠴᠢᠨᠢ ᠨᠡᠷ᠎ᠡ ᠲᠡᠢ ᠬᠠᠮᠲᠤ ᠬᠡᠯᠡᠭᠳᠡᠨ᠎ᠡ !
ᠡᠴᠢᠭᠡ ᠶ᠋ᠢᠨ ᠴᠢᠨᠢ ᠨᠡᠷ᠎ᠡ ᠲᠡᠢ ᠴᠤᠭ ᠶᠠᠷᠢᠬᠲᠠᠨᠠ !
ᠴᠢᠨᠦ ᠨᠡᠷ᠎ᠡ ᠶ᠋ᠢ ᠳᠠᠭᠤᠷᠢᠰᠬᠤ ᠳ᠋ᠤ᠌
ᠬᠥᠯᠥᠭ ᠦ᠋ᠨ ᠳᠡᠯ ᠪᠣᠰᠴᠤ ᠪᠠᠶ᠋ᠢᠬᠤ ᠶ᠋ᠢᠨ ᠵᠣᠯ ᠪᠤᠢ ᠃
ᠴᠢᠨᠦ ᠨᠡᠷ᠎ᠡ ᠶ᠋ᠢ ᠳᠠᠭᠤᠷᠢᠰᠬᠤ ᠳ᠋ᠤ᠌
ᠬᠥᠮᠦᠨ ᠪ ᠶᠠᠰᠤ ᠬᠠᠪᠲᠠᠯᠵᠠᠵᠤ ᠪᠠᠶ᠋ᠢᠬᠤ ᠶ᠋ᠢᠨ ᠴᠤ᠌ ᠵᠣᠪᠠᠯᠠᠩ ᠪᠤᠢ ᠃
ᠡᠨᠡ ᠨᠡᠷ᠎ᠡ ᠡᠷᠬᠢᠮ ᠨᠡᠷ᠎ᠡ
ᠡᠬᠡ ᠶ᠋ᠢᠨ ᠰᠦᠨ ᠡᠴᠡ ᠠᠮᠢᠯᠠᠭᠤᠯᠤᠭᠰᠠᠨ ᠠᠯᠲᠠᠷ
ᠡᠴᠢᠭᠡ ᠶ᠋ᠢᠨ ᠨᠡᠷ᠎ᠡ ᠡᠴᠡ ᠲᠠᠰᠤᠯᠤᠭᠰᠠᠨ ᠬᠡᠰᠢᠭ ᠃
ᠣᠷᠴᠢᠯᠠᠩ ᠳ᠋ᠤ᠌ ᠭᠠᠭᠴᠠᠬᠠᠨ ᠨᠠᠰᠤᠨ ᠳ᠋ᠤ᠌
ᠣᠯᠲᠠᠭᠰᠠᠨ ᠭᠠᠭᠴᠠ ᠨᠡᠷ᠎ᠡ
ᠣᠭ᠌ᠶᠤ ᠨᠣᠮᠢᠨ ᠲᠩᠷᠢ ᠶ᠋ᠢᠨ
ᠣᠲᠣ ᠰᠢᠭ᠋ ᠭᠢᠯᠠᠯᠵᠠᠭᠰᠠᠨ ᠨᠡᠷ᠎ᠡ
ᠤᠲᠤᠬ᠋᠎ᠠ ᠭᠠᠷᠭᠠᠭᠰᠠᠨ ᠰᠢᠨᠡᠬᠡᠨ ᠭᠣᠯᠣᠮᠲᠠ ᠶ᠋ᠢᠨ
ᠤᠭᠠᠯᠵᠠᠨ ᠴᠡᠩᠬᠡᠷ ᠳᠥᠯᠥᠨ ᠳ᠋ᠤ᠌ ᠭᠡᠷᠡᠯᠲᠡᠨᠡ
ᠤᠶᠠᠩᠬ᠋᠎ᠠ ᠰᠢᠩᠭᠡᠭ᠍ᠰᠡᠨ ᠪᠦᠪᠡᠢ ᠶ᠋ᠢᠨ ᠳᠠᠭᠤᠨ ᠪ
ᠤᠪᠠᠲᠢᠰ ᠰᠢᠩᠭᠡᠭ᠍ᠰᠡᠨ ᠠᠶᠠᠯᠭᠤᠨ ᠳ᠋ᠤ᠌ ᠰᠠᠴᠤᠷᠠᠨ᠎ᠠ ᠃
ᠠᠷᠢᠭᠤᠨ ᠬᠠᠶ᠋ᠢᠷ᠎ᠠ ᠶ᠋ᠢᠨ ᠠᠯᠲᠠᠨ ᠶᠠᠲᠤᠬ᠋ᠠ
ᠠᠮᠠᠷᠠᠭ ᠪᠦᠰᠡᠭᠦᠢ ᠶ᠋ᠢᠨ ᠵᠢᠷᠦᠬᠡᠨ ᠳ᠋ᠤ᠌ ᠲᠤᠶᠠᠭᠠᠷᠠᠨ᠎ᠠ
ᠠᠰᠤᠷᠢ ᠲᠩᠷᠢ ᠶ᠋ᠢᠨ ᠮᠥᠩᠭᠥᠨ ᠰᠤᠪᠤᠷᠬ᠋ᠠ
ᠠᠭᠠᠷ ᠦ᠋ᠨ ᠴᠠᠭᠠᠨ ᠡᠭᠦᠯᠡᠨ ᠳ᠋ᠤ᠌ ᠴᠣᠭᠴᠠᠯᠠᠨ᠎ᠠ ᠃
ᠡᠷᠭᠦᠵᠦ ᠶᠠᠪᠤᠪᠠᠯ ᠪᠣᠯᠣᠷ ᠴᠣᠮᠣ ᠰᠢᠭ᠋ ᠭᠡᠷᠡᠯ ᠲᠡᠢ ᠨᠡᠷ᠎ᠡ
ᠥᠯᠮᠡᠢ ᠳ᠋ᠤ᠌ ᠤᠨᠠᠭᠠᠪᠠᠯ ᠠᠯᠠᠭ ᠭᠠᠩᠭᠠᠷ ᠰᠢᠭ᠋ ᠬᠡᠪᠡᠷᠡᠭ ᠨᠡᠷ᠎ᠡ
ᠲᠥᠷᠥᠬᠦ ᠳ᠋ᠤ᠌ ᠥᠯᠥᠭᠡᠢ ᠶ᠋ᠢᠨ ᠳᠡᠭᠡᠷ᠎ᠡ ᠪᠢᠴᠢᠭᠳᠡᠵᠦ
ᠲᠡᠭᠦᠰᠬᠦ ᠳ᠋ᠤ᠌ ᠴᠢᠯᠠᠭᠤᠨ ᠳᠡᠭᠡᠷ᠎ᠡ ᠰᠡᠢᠯᠦᠭᠳᠡᠨᠡ ᠃
ᠦᠰᠦᠭ ᠠᠮᠢᠯᠠᠭᠤᠯᠤᠭᠴᠢ ᠄ ᠱᠠᠭᠰᠠᠯ
ᠬᠢᠨᠠᠭᠴᠢ ᠄ ᠣᠤᠠᠬᠠᠨᠰᠣᠠ᠋
