ᠵᠡᠭᠦᠲᠦᠨ ᠪ ᠨᠤᠲᠤᠭ ( ᠣᠷᠱᠤᠨ ᠭᠣᠣᠯ ) - ᠦᠭᠡ : ᠪᠦᠷᠢᠨᠪᠠᠶᠠᠷ ᠂ ᠠᠶ᠎ᠠ ᠄ ᠰᠠᠶ᠋ᠢᠨᠴᠤᠭᠲᠤ Зүүдний нутаг ( Оршин гол ) – Үг : Бүрэнбаяр ᠂ Ая ᠄ Сайнцогт
ᠵᠡᠭᠦᠲᠦᠨ ᠪ ᠨᠤᠲᠤᠭ
ᠦᠭᠡ ᠄ ᠪᠦᠷᠢᠨᠪᠠᠶᠠᠷ
ᠠᠶ᠎ᠠ ᠄ ᠰᠠᠶ᠋ᠢᠨᠴᠣᠭᠲᠣ
ᠡᠵᠢ ᠶ᠋ᠢᠨ ᠶ᠋ᠢᠡᠨ ᠡᠪᠦᠷ ᠲᠦ ᠪᠢ
ᠡᠷᠬᠡᠯᠡᠩᠬᠡᠨ ᠪᠠᠶ᠋ᠢᠵᠤ ᠨᠣᠶ᠋ᠢᠷᠰᠤᠬᠤ ᠳ᠋ᠠᠭᠠᠨ
ᠡᠩ ᠦᠭᠡᠢ ᠵᠢᠷᠭᠠᠯ ᠦ᠋ᠨ ᠳᠠᠯᠠᠢ ᠳ᠋ᠤ᠌
ᠤᠮᠪᠠᠩᠬᠠᠨ ᠪᠠᠶ᠋ᠢᠵᠤ ᠵᠡᠭᠦᠲᠦᠯᠡᠯᠡ ᠃
ᠡᠵᠢ ᠶ᠋ᠢᠨ ᠳᠤᠯᠠᠭᠠᠨ ᠡᠪᠦᠷ ᠰᠢᠭ᠌
ᠡᠯᠢᠭᠡᠨ ᠬᠠᠶ᠋ᠢᠷ᠎ᠠ ᠶ᠋ᠢᠨ ᠳᠠᠯᠠᠢ ᠮᠢᠨᠢ ᠡ
ᠬᠥᠬᠡᠮᠳᠦᠭ ᠪᠤᠭᠤᠷᠤᠯ ᠳᠠᠪᠠᠯᠭᠠᠨ ᠲᠠᠢ
ᠬᠥᠯᠥᠨ ᠨᠠᠭᠤᠷ ᠮᠢᠨᠢ ᠪᠠᠶ᠋ᠢᠵᠤ ᠯᠠ ᠳ᠋ᠠ
ᠡᠵᠢ ᠠᠪᠤ ᠯᠡ ᠬᠣᠶᠠᠷ ᠰᠢᠭ᠋
ᠡᠯᠢᠭᠡᠰᠡᠭ ᠳᠣᠲᠣᠨᠣ ᠣᠷᠣᠨ ᠮᠢᠨᠢ ᠡ
ᠬᠥᠪᠴᠢᠨ ᠳᠡᠯᠡᠬᠡᠢ ᠳ᠋ᠤ᠌ ᠠᠯᠲᠠᠷᠲᠠᠢ
ᠬᠦᠯᠦᠨ ᠪᠣᠶ᠋ᠢᠷ ᠮᠢᠨᠢ ᠪᠠᠶ᠋ᠢᠵᠤ ᠯᠠ ᠳ᠋ᠠ ᠃
ᠠᠪᠤ ᠶ᠋ᠢᠨ ᠶ᠋ᠢᠡᠨ ᠠᠷᠤ ᠪᠠᠷ ᠪᠢ
ᠠᠯᠢᠶᠠᠷᠬᠠᠨ ᠪᠠᠶ᠋ᠢᠵᠤ ᠨᠣᠶ᠋ᠢᠷᠰᠤᠬᠤ ᠳ᠋ᠠᠭᠠᠨ
ᠠᠵᠠ ᠶ᠋ᠢᠨ ᠴᠡᠩᠬᠡᠷ ᠲᠠᠯ᠎ᠠ ᠳ᠋ᠠᠭᠠᠨ
ᠠᠨᠲᠠᠶ᠋ᠢᠲᠠᠨ ᠪᠠᠶ᠋ᠢᠵᠤ ᠵᠡᠭᠦᠲᠦᠯᠡᠯᠡ ᠃
ᠠᠪᠤ ᠶ᠋ᠢᠨ ᠰᠠᠷᠠᠭᠤᠯ ᠤᠬᠠᠭᠠᠨ ᠰᠢᠭ᠋
ᠠᠭᠤᠲᠠᠮ ᠰᠠᠶ᠋ᠢᠬᠠᠨ ᠨᠤᠲᠤᠭ ᠮᠢᠨᠢ
ᠪᠠᠶᠠᠨ ᠲᠠᠩᠰᠤᠭ ᠠᠮᠢᠲᠤᠷᠠᠯ ᠲᠠᠢ
ᠪᠠᠷᠭᠤ ᠨᠤᠲᠤᠭ ᠮᠢᠨᠢ ᠪᠠᠶ᠋ᠢᠵᠤ ᠯᠠ ᠳ᠋ᠠ ᠃
ᠡᠵᠢ ᠠᠪᠤ ᠶ᠋ᠢᠨ ᠶ᠋ᠢᠡᠨ ᠬᠣᠭᠣᠷᠣᠨᠲᠣ ᠪᠢ
ᠡᠯᠢᠭᠡ ᠶ᠋ᠢ ᠨᠢ ᠴᠢᠩᠲᠠᠯᠠᠵᠦ ᠨᠣᠶ᠋ᠢᠷᠰᠤᠬᠤ ᠳ᠋ᠠᠭᠠᠨ
ᠳᠣᠮ ᠦᠭᠡᠢ ᠰᠠᠶ᠋ᠢᠬᠠᠨ ᠣᠷᠣᠨ ᠶ᠋ᠢᠠᠨ
ᠳᠠᠭᠤᠯᠠᠩᠬᠠᠨ ᠪᠠᠶ᠋ᠢᠵᠤ ᠵᠡᠭᠦᠲᠦᠯᠡᠯᠡ ᠃
ᠡᠵᠢ ᠠᠪᠤ ᠯᠡ ᠬᠣᠶᠠᠷ ᠰᠢᠭ᠋
ᠡᠯᠢᠭᠡᠰᠡᠭ ᠳᠣᠲᠣᠨᠣ ᠣᠷᠣᠨ ᠮᠢᠨᠢ
ᠬᠥᠪᠴᠢᠨ ᠳᠡᠯᠡᠬᠡᠢ ᠳ᠋ᠤ᠌ ᠠᠯᠲᠠᠷᠲᠠᠢ
ᠬᠦᠯᠦᠨ ᠪᠣᠶ᠋ᠢᠷ ᠮᠢᠨᠢ ᠪᠠᠶ᠋ᠢᠵᠤ ᠯᠠ ᠳ᠋ᠠ ᠃
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠤᠷᠠᠨᠴᠡᠴᠡᠭ
ᠦᠰᠦᠭ ᠬᠢᠨᠠᠭᠴᠢ ᠄ ᠪᠠᠶᠠᠷᠴᠡᠴᠡᠭ
2023 ᠣᠨ ᠪ 5 ᠰᠠᠷ᠎ᠠ ᠶ᠋ᠢᠨ 12 ᠤᠨ ᠡᠲᠦᠷ


