ᠠᠵᠠ ᠶ᠋ᠢᠨ ᠴᠠᠭᠠᠨ ᠨᠠᠭᠤᠷ ( ᠣᠷᠱᠤᠨ ᠭᠣᠣᠯ ) - ᠦᠭᠡ : ᠴ · ᠮᠦᠩᠬᠡᠰᠦᠷᠦᠭ ᠂ ᠠᠶ᠎ᠠ ᠄ ᠰᠠᠶ᠋ᠢᠨᠴᠤᠭᠲᠤ Азын цагаан нуур ( Оршин гол ) – Үг : Ч · Мөнхсүрэг ᠂ Ая ᠄ Сайнцогт
ᠠᠵᠠ ᠶ᠋ᠢᠨ ᠴᠠᠭᠠᠨ ᠨᠠᠭᠤᠷ
ᠦᠭᠡ ᠄ ᠴ · ᠮᠥᠩᠬᠡᠰᠦᠷᠦᠭ
ᠠᠶ᠎ᠠ ᠄ ᠰᠠᠶ᠋ᠢᠨᠴᠣᠭᠲᠣ
ᠠᠮᠠᠷᠠᠭᠬᠠᠨ ᠬᠣᠩᠭᠣᠷ ᠴᠢ ᠮᠢᠨᠢ
ᠠᠵᠠ ᠶ᠋ᠢᠨ ᠴᠠᠭᠠᠨ ᠨᠠᠭᠤᠷ ᠶᠤ᠌ ᠳ᠋ᠠ ᠂
ᠠᠯᠤᠰ ᠠ᠋ᠴᠠ ᠮᠥᠷᠥᠭᠡᠲᠡᠭᠡ ᠪᠢ ᠴᠢᠨᠢ
ᠠᠶᠠᠨ ᠪ ᠬᠤᠨ ᠰᠢᠪᠠᠭᠤ ᠶᠤ᠌ ᠳ᠋ᠠ ᠃
ᠠᠢ ᠳ᠋ᠠ ᠂ ᠴᠢ ᠮᠢᠨᠢ ᠨᠠᠲᠠ ᠳ᠋ᠠᠭᠠᠨ
ᠠᠵᠠ ᠶ᠋ᠢᠨ ᠴᠠᠭᠠᠨ ᠨᠠᠭᠤᠷ ᠶᠤ᠌ ᠳ᠋ᠠ ᠃
ᠠᠷᠠᠶ᠋ᠢᠬᠠᠨ ᠨᠢᠭᠡ ᠠᠭᠤᠯᠵᠠᠬᠤ ᠳ᠋ᠤ᠌ ᠮᠢᠨᠢ
ᠵᠢᠷᠭᠠᠯ ᠶ᠋ᠢᠠᠷ ᠳᠦᠭᠦᠷᠡᠩ ᠴᠠᠯᠭᠢᠯᠠᠨ᠎ᠠ ᠳ᠋ᠠ ᠂
ᠠᠬᠢᠭᠠᠳ ᠰᠥᠭᠡᠷᠭᠡ ᠪᠡᠨ ᠪᠤᠴᠠᠬᠤ ᠳ᠋ᠤ᠌ ᠮᠢᠨᠢ
ᠮᠥᠷᠥᠭᠡᠲᠦᠯ ᠶ᠋ᠢᠡᠷ ᠮᠡᠯᠮᠡᠷᠡᠨ ᠬᠣᠴᠣᠷᠤᠨ᠎ᠠ ᠳ᠋ᠠ ᠃
ᠠᠢ ᠳ᠋ᠠ ᠂ ᠪᠢ ᠴᠢᠨᠢ ᠴᠢᠮ᠎ᠠ ᠳ᠋ᠠᠭᠠ
ᠠᠶᠠᠨ ᠪ ᠬᠤᠨ ᠰᠢᠪᠠᠭᠤ ᠶᠤ᠌ ᠳ᠋ᠠ ᠃
ᠬᠥᠮᠦᠨ ᠪ ᠰᠠᠶ᠋ᠢᠬᠠᠨ ᠬᠣᠷᠸ᠋᠎ᠠ ᠳᠡᠭᠡᠷ᠎ᠡ
ᠡᠪᠦᠯ ᠦᠭᠡᠢ ᠴᠦ᠍ ᠪᠣᠯᠣᠭᠠᠰᠠᠢ ᠂
ᠬᠦᠰᠡᠯ ᠦ᠋ᠨ ᠠᠷᠢᠭᠤᠨ ᠵᠢᠷᠭᠠᠯ ᠳᠤᠮᠳᠠ
ᠰᠠᠯᠤᠯᠲᠠ ᠦᠭᠡᠢ ᠴᠦ᠍ ᠪᠠᠶ᠋ᠢᠭᠠᠰᠠᠢ ᠃
ᠠᠢ ᠳ᠋ᠠ ᠂ ᠬᠣᠩᠭᠣᠷ ᠮᠢᠨᠢ ᠂ ᠬᠣᠩᠭᠣᠷ ᠮᠢᠨᠢ
ᠠᠵᠠ ᠶ᠋ᠢᠨ ᠴᠠᠭᠠᠨ ᠨᠠᠭᠤᠷ ᠮᠢᠨᠢ ᠳ᠋ᠠ ᠃
ᠠᠢ ᠳ᠋ᠠ ᠂ ᠬᠣᠩᠭᠣᠷ ᠮᠢᠨᠢ ᠂ ᠬᠣᠩᠭᠣᠷ ᠮᠢᠨᠢ
ᠠᠵᠠ ᠶ᠋ᠢᠨ ᠴᠠᠭᠠᠨ ᠨᠠᠭᠤᠷ ᠮᠢᠨᠢ ᠳ᠋ᠠ
ᠠᠵᠠ ᠶ᠋ᠢᠨ ᠴᠠᠭᠠᠨ ᠨᠠᠭᠤᠷ ᠮᠢᠨᠢ ᠳ᠋ᠠ ᠃
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠤᠷᠠᠨᠴᠡᠴᠡᠭ
ᠦᠰᠦᠭ ᠬᠢᠨᠠᠭᠴᠢ ᠄ ᠪᠠᠶᠠᠷᠴᠡᠴᠡᠭ
2023 ᠣᠨ ᠪ 5 ᠰᠠᠷ᠎ᠠ ᠶ᠋ᠢᠨ 11 ᠤ ᠡᠲᠦᠷ
