ᠬᠠᠭᠤᠴᠢᠨ ᠶᠢᠷᠲᠢᠨᠴᠦХуучин ертөнц
ᠬᠠᠭᠤᠴᠢᠨ ᠶᠢᠷᠲᠢᠨᠴᠦ
ᠤᠯᠠᠭᠠᠨ ᠲᠣᠷᠭ᠎ᠠ ᠪᠠᠨ ᠡᠮᠦᠰᠴᠢᠬᠡᠭᠡᠳ
ᠤᠯᠠᠪᠠᠯᠵᠠᠭᠤᠯᠳᠠᠭ ᠶᠢᠷᠲᠢᠨᠴᠦ
ᠤᠯᠤᠰ ᠠ᠋ᠴᠠ ᠢᠯᠡᠭᠦᠦ ᠮᠡᠷᠭᠡᠨ ᠭᠡᠳ
ᠤᠷᠢᠲᠠᠵᠤ ᠳᠤᠤᠭᠠᠷᠳᠠᠭ ᠶᠢᠷᠲᠢᠨᠴᠦ ᠃
ᠬᠥᠬᠡ ᠲᠣᠷᠭ᠎ᠠ ᠪᠠᠨ ᠡᠮᠦᠰᠴᠢᠬᠡᠭᠡᠳ
ᠬᠦᠯᠬᠦᠯᠵᠡᠭᠦᠯᠳᠡᠭ ᠶᠢᠷᠲᠢᠨᠴᠦ
ᠬᠥᠮᠦᠨ ᠡᠴᠡ ᠢᠯᠡᠭᠦᠦ ᠮᠡᠳᠡᠨ᠎ᠡ ᠭᠡᠳ
ᠬᠥᠨᠳᠡᠢ ᠳᠤᠤᠭᠠᠷᠳᠠᠭ ᠶᠢᠷᠲᠢᠨᠴᠦ ᠃
ᠰᠢᠷ᠎ᠠ ᠲᠣᠷᠭ᠎ᠠ ᠪᠠᠨ ᠡᠮᠦᠰᠴᠢᠬᠡᠭᠡᠳ
ᠱᠠᠯᠬᠠᠯᠵᠠᠭᠤᠯᠳᠠᠭ ᠶᠢᠷᠲᠢᠨᠴᠦ
ᠰᠢᠷ᠎ᠠ ᠲᠣᠰᠣ ᠥᠷᠥᠮ᠎ᠡ ᠶ᠋ᠢ ᠴᠤᠭᠯᠠᠭᠤᠯᠤᠭᠠᠳ
ᠰᠢᠮᠳᠠᠵᠤ ᠶᠠᠪᠤᠳᠠᠭ ᠶᠢᠷᠲᠢᠨᠴᠦ ᠃
ᠵᠢᠰᠦ ᠨᠢ ᠰᠠᠢᠬᠠᠨ ᠪᠠᠶ᠋ᠢᠲᠠᠯ᠎ᠠ
ᠵᠠᠩ ᠨᠢ ᠡᠲᠡᠭᠡᠳ ᠶᠢᠷᠲᠢᠨᠴᠦ
ᠥᠩᠭᠡ ᠨᠢ ᠰᠠᠢᠬᠠᠨ ᠪᠠᠶ᠋ᠢᠲᠠᠯ᠎ᠠ
ᠦᠵᠡᠯ ᠨᠢ ᠪᠤᠷᠤᠭᠤ ᠶᠢᠷᠲᠢᠨᠴᠦ ᠃
ᠳᠡᠪᠡᠯ ᠰᠠᠢᠬᠠᠨ ᠊ᠢ ᠨᠢ ᠦᠵᠡᠪᠡᠯ
ᠳᠡᠭᠡᠭᠰᠢ ᠪᠡᠨ ᠭᠡᠳᠡᠭ ᠶᠢᠷᠲᠢᠨᠴᠦ
ᠳᠡᠭᠡᠰᠦ ᠪᠦᠰᠡᠯᠡᠭᠰᠡᠨ ᠊ᠢ ᠨᠢ ᠦᠵᠡᠪᠡᠯ
ᠳᠡᠪᠦᠯᠦᠭᠦᠯᠳᠡᠭ ᠦᠭᠡᠢ ᠶᠢᠷᠲᠢᠨᠴᠦ ᠃
ᠠᠯᠲᠠ ᠮᠥᠩᠭᠥ ᠲᠡᠢ ᠶ᠋ᠢ ᠨᠢ ᠦᠵᠡᠪᠡᠯ
ᠤᠯᠤᠰ ᠠ᠋ᠴᠠ ᠤᠭᠲᠤᠳᠠᠭ ᠶᠢᠷᠲᠢᠨᠴᠦ
ᠠᠷᠭᠠᠯ ᠲᠡᠭᠦᠳᠡᠭ ᠊ᠢ ᠨᠢ ᠦᠵᠡᠪᠡᠯ
ᠠᠯᠪᠠᠨ ᠳ᠋ᠤ᠌ ᠲᠠᠲᠠᠳᠠᠭ ᠶᠢᠷᠲᠢᠨᠴᠦ ᠃
ᠮᠠᠯᠠᠭᠠᠢ ᠰᠠᠢᠬᠠᠨ ᠊ᠢ ᠨᠢ ᠦᠵᠡᠪᠡᠯ
ᠮᠣᠷᠢ ᠶ᠋ᠢ ᠨᠢ ᠠᠪᠳᠠᠭ ᠶᠢᠷᠲᠢᠨᠴᠦ
ᠮᠢᠬ᠎ᠠ ᠨᠢ ᠭᠠᠷᠤᠭᠰᠠᠨ ᠊ᠢ ᠦᠵᠡᠪᠡᠯ
ᠮᠠᠭᠤᠯᠠᠵᠤ ᠶᠠᠪᠤᠳᠠᠭ ᠶᠢᠷᠲᠢᠨᠴᠦ ᠃
ᠬᠤᠷᠠᠭᠠᠨ ᠳᠡᠪᠡᠯ ᠊ᠢ ᠨᠢ ᠦᠵᠡᠪᠡᠯ
ᠬᠣᠶ᠋ᠢᠮᠣᠷ ᠲᠠᠭᠠᠨ ᠵᠠᠯᠠᠳᠠᠭ ᠶᠢᠷᠲᠢᠨᠴᠦ
ᠬᠤᠪᠴᠠᠰᠤ ᠮᠠᠭᠤᠬᠠᠢ ᠶ᠋ᠢ ᠨᠢ ᠦᠵᠡᠪᠡᠯ
ᠬᠥᠭᠡᠭᠡᠵᠦ ᠭᠠᠷᠭᠠᠳᠠᠭ ᠶᠢᠷᠲᠢᠨᠴᠦ ᠃
ᠲᠣᠷᠭᠠᠨ ᠳᠡᠪᠡᠯ ᠊ᠢ ᠨᠢ ᠦᠵᠡᠪᠡᠯ
ᠳᠣᠲᠣᠭᠰᠢ ᠪᠠᠨ ᠵᠠᠯᠠᠳᠠᠭ ᠶᠢᠷᠲᠢᠨᠴᠦ
ᠲᠣᠬᠣᠢ ᠨᠢ ᠭᠠᠷᠤᠭᠰᠠᠨ ᠊ᠢ ᠦᠵᠡᠪᠡᠯ
ᠲᠣᠯᠣᠭᠠᠢ ᠶ᠋ᠢ ᠨᠢ ᠵᠠᠨᠴᠢᠳᠠᠭ ᠶᠢᠷᠲᠢᠨᠴᠦ ᠃
ᠵᠢᠩᠰᠡ ᠤᠲᠤᠭ᠎ᠠ ᠮᠠᠶ᠋ᠢᠮᠠᠶ᠋ᠢᠯᠠᠭᠠᠳ
ᠵᠠᠭᠠᠯᠳᠤᠯᠭ᠎ᠠ ᠬᠢᠳᠡᠭ ᠶᠢᠷᠲᠢᠨᠴᠦ
ᠵᠡᠷᠭᠡ ᠶ᠋ᠢᠨ ᠶᠡᠬᠡ ᠶ᠋ᠢ ᠣᠯᠴᠢᠬᠠᠭᠠᠳ
ᠶᠠᠩᠵᠤᠯᠠᠵᠤ ᠪᠠᠶ᠋ᠢᠲᠠᠭ ᠶᠢᠷᠲᠢᠨᠴᠦ ᠃
ᠵᠢᠷᠣᠭ᠎ᠠ ᠮᠣᠷᠢ ᠪᠠᠨ ᠬᠦᠷᠭᠡᠭᠡᠳ
ᠬᠠᠶ᠋ᠢᠷ᠎ᠠ ᠶ᠋ᠢ ᠣᠯᠳᠠᠭ ᠶᠢᠷᠲᠢᠨᠴᠦ
ᠵᠤᠮ᠎ᠠ ᠭᠠᠬᠠᠢ ᠬᠦᠷᠭᠡᠭᠡᠳ
ᠲᠠᠨᠢᠯ ᠣᠯᠳᠠᠭ ᠶᠢᠷᠲᠢᠨᠴᠦ ᠃
ᠠᠵᠢᠯ ᠬᠢᠯᠭᠡᠭᠡᠳ ᠵᠣᠭᠣᠰ ᠥᠭᠬᠦ ᠦᠭᠡᠢ
ᠬᠠᠷᠭᠢᠰ ᠶᠡᠬᠡ ᠲᠡᠢ ᠶᠢᠷᠲᠢᠨᠴᠦ
ᠠᠨᠵᠢᠰᠤᠨ ᠦᠬᠡᠷ ᠳᠡᠭᠡᠨ ᠵᠥᠪ ᠦᠭᠡᠢ
ᠬᠤᠯᠠᠭᠠᠢ ᠣᠯᠠᠨ ᠲᠠᠢ ᠶᠢᠷᠲᠢᠨᠴᠦ ᠃
ᠦᠭᠡ ᠬᠡᠯᠡᠭᠰᠡᠭᠡᠷ ᠪᠤᠷᠤᠭᠤ ᠪᠣᠯᠳᠠᠭ
ᠶᠣᠰᠣ ᠬᠡᠯᠡᠬᠦ ᠦᠭᠡᠢ ᠶᠢᠷᠲᠢᠨᠴᠦ
ᠡᠪᠡᠳᠴᠢᠨ ᠣᠯᠤᠭᠰᠠᠭᠠᠷ ᠦᠬᠦᠯ ᠪᠣᠯᠳᠠᠭ
ᠢᠷᠣ᠎ᠠ ᠮᠠᠭᠤᠲᠠᠢ ᠶᠢᠷᠲᠢᠨᠴᠦ ᠃
ᠪᠤᠷᠬᠠᠨ ᠴᠢᠳᠬᠥᠷ ᠨᠡᠶ᠋ᠢᠯᠡᠴᠢᠬᠡᠭᠡᠳ
ᠵᠣᠪᠠᠯᠠᠩ ᠶᠡᠬᠡ ᠲᠡᠢ ᠶᠢᠷᠲᠢᠨᠴᠦ
ᠪᠥᠬᠡ᠂ ᠯᠠᠮᠠ ᠬᠤᠤᠪᠢᠯᠳᠤᠴᠢᠬᠠᠭᠠᠳ
ᠵᠣᠭᠣᠰ ᠢ᠋ᠶ᠋ᠠᠨ ᠬᠤᠪᠢᠶᠠᠳᠠᠭ ᠶᠢᠷᠲᠢᠨᠴᠦ ᠃
ᠦᠰᠦᠭ ᠠᠮᠢᠯᠠᠭᠤᠯᠤᠭᠴᠢ ᠄ ᠲᠤᠶᠠᠭ᠎ᠠ
ᠬᠢᠨᠠᠭᠴᠢ ᠄ ᠣᠤᠠᠬᠠᠨᠰᠣ᠎ᠠ
