ᠥᠷᠯᠥᠭᠡ ᠶ᠋ᠢᠨ ᠢᠨᠢᠶᠡᠮᠰᠦᠭᠯᠡᠯ - ᠪ᠂ ᠪᠦᠷᠢᠨᠪᠡᠬᠢ Өглөөний инээмсэглэл - Б ᠂ Бүрэнбэх ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠷᠯᠥᠭᠡ ᠶ᠋ᠢᠨ ᠢᠨᠢᠶᠡᠮᠰᠦᠭᠯᠡᠯ - ᠪ᠂ ᠪᠦᠷᠢᠨᠪᠡᠬᠢ Өглөөний инээмсэглэл - Б ᠂ Бүрэнбэх

ᠥᠷᠯᠥᠭᠡ ᠶ᠋ᠢᠨ ᠢᠨᠢᠶᠡᠮᠰᠦᠭᠯᠡᠯ - ᠪ᠂ ᠪᠦᠷᠢᠨᠪᠡᠬᠢ Өглөөний инээмсэглэл - Б ᠂ Бүрэнбэх

2023-05-14

240

ᠥᠷᠯᠥᠭᠡ ᠶ᠋ᠢᠨ ᠢᠨᠢᠶᠡᠮᠰᠦᠭᠯᠡᠯ


      ᠪᠢᠲᠡᠭᠦᠦ ᠨᠠᠷᠠᠨ ᠤ᠋ ᠬᠠᠯᠠᠭᠤᠨ ᠢᠯᠴᠢᠨ ᠳ᠋ᠦ᠍ ᠥᠷᠯᠥᠭᠡ ᠶ᠋ᠢᠨ ᠲᠩᠷᠢ ᠶ᠋ᠢᠨ ᠵᠡᠭᠦᠨ ᠬᠠᠴᠠᠷ ᠤᠯᠠᠢᠵᠤ ᠰᠢᠩᠭᠡᠨ ᠤᠯᠠᠭᠠᠨ ᠭᠡᠷᠡᠯ ᠰᠠᠴᠤᠷᠠᠭᠤᠯᠤᠨ᠎ᠠ ᠃ ᠨᠣᠢᠷ ᠠ᠋ᠴᠠ ᠰᠠᠶᠢᠬᠠᠨ ᠰᠡᠷᠢᠭᠰᠡᠨ ᠲᠠᠯ᠎ᠠ ᠥᠷᠯᠥᠭᠡ ᠶ᠋ᠢᠨ ᠲᠤᠶᠠᠭ᠎ᠠ ᠶ᠋ᠢ ᠣᠯᠵᠤ ᠦᠵᠡᠮᠡᠭᠴᠡ ᠭᠦᠨ ᠭᠦᠨ ᠠᠮᠢᠰᠬᠤᠬᠤ ᠳ᠋ᠤ᠌ ᠠᠮᠠᠨ ᠤ᠋ ᠬᠢᠨ ᠠᠭᠤᠷ ᠨᠢ ᠨᠣᠮᠢᠨ ᠨᠣᠭᠣᠭᠠᠨ ᠤᠨᠢᠶᠠᠷ ᠪᠣᠯᠤᠨ ᠬᠤᠪᠢᠷᠠᠭᠠᠳ ᠣᠢ ᠰᠢᠭᠤᠢ ᠤᠷᠤᠭᠤ ᠠᠶᠠᠷ ᠬᠥᠪᠦᠨ᠎ᠡ ᠃ ᠰᠢᠩᠭᠡᠨ ᠤᠯᠠᠭᠠᠨ ᠭᠡᠷᠡᠯ ᠪᠠ ᠨᠣᠮᠢᠨ ᠨᠣᠭᠣᠭᠠᠨ ᠤᠨᠢᠶᠠᠷ ᠤ᠋ᠨ ᠲᠡᠨᠳᠡ ᠡᠴᠡ ᠨᠢᠭᠡᠨ ᠰᠢᠪᠠᠭᠤ ᠬᠥᠭᠵᠢᠯᠲᠡᠢ ᠪᠡᠷ ᠨᠢᠰᠦᠨ ᠠᠢᠰᠤᠢ ᠃ 
    ᠰᠢᠪᠠᠭᠤ ᠂ ᠰᠦᠨ ᠴᠠᠭᠠᠨ ᠰᠢᠪᠠᠭᠤ ! 
    ᠲᠣᠮᠣ ᠨᠠᠷᠠᠨ ᠲᠡᠭᠰᠢ ᠲᠠᠯ᠎ᠠ ᠶ᠋ᠢᠨ ᠵᠠᠬ᠎ᠠ ᠠ᠋ᠴᠠ ᠲᠣᠯᠣᠭᠠᠢ ᠪᠠᠨ ᠪᠤᠯᠲᠠᠢᠯᠭᠠᠵᠤ ᠲᠣᠷᠭᠠᠨ ᠰᠢᠷ᠎ᠠ ᠭᠡᠵᠢᠭᠡ ᠪᠡᠨ ᠰᠠᠮᠨᠠᠬᠤ ᠳ᠋ᠤ᠌ ᠠᠯᠲᠠᠨ ᠦᠰᠦᠨ ᠦ᠌  ᠬᠢᠨᠢ ᠤᠷᠲᠤ ᠰᠢᠷᠬᠡᠭ ᠲᠠᠯ᠎ᠠ ᠤᠷᠤᠭᠤ ᠰᠠᠳᠠᠷᠠᠨ ᠨᠠᠮᠢᠷᠠᠨ᠎ᠠ ᠃ ᠥᠴᠥᠭᠡᠳᠦᠷ ᠰᠥᠨᠢ ᠰᠠᠷᠠᠨ ᠳᠠᠭᠢᠨᠢ ᠲᠠᠯ᠎ᠠ ᠳᠡᠭᠡᠭᠦᠷ ᠥᠩᠭᠡᠷᠡᠬᠦ ᠳ᠋ᠡᠭᠡᠨ ᠬᠦᠵᠦᠭᠦᠨ ᠳ᠋ᠡᠬᠢ ᠰᠤᠪᠤᠳ ᠡᠷᠢᠬᠡᠨ ᠦ᠌ ᠬᠡᠯᠬᠢᠶ᠎ᠡ ᠪᠡᠨ ᠲᠠᠰᠤᠯᠴᠢᠪᠠᠤ ? ᠬᠡᠭᠡᠷ᠎ᠡ ᠶ᠋ᠢᠨ ᠨᠣᠭᠣᠭᠠᠨ ᠳᠡᠭᠡᠷ᠎ᠡ ᠵᠢᠵᠢᠭ ᠵᠢᠵᠢᠭ ᠪᠣᠯᠣᠷ ᠪᠥᠮᠪᠥᠭᠡ ᠪᠥᠮᠪᠥᠭᠡᠨᠡᠵᠦ ᠂ ᠳᠤᠰᠤᠯ ᠳᠤᠰᠤᠯ ᠴᠠᠭᠠᠨ ᠭᠢᠯᠪᠠᠭ᠎ᠠ ᠭᠢᠯᠠᠯᠵᠠᠨ᠎ᠠ ᠃ ᠰᠢᠵᠢᠷ ᠠᠯᠲᠠᠨ ᠭᠡᠷᠡᠯ ᠦ᠋ᠨ ᠰᠢᠷᠬᠡᠭ ᠪᠠ ᠮᠥᠩᠭᠥᠨ ᠴᠠᠭᠠᠨ ᠭᠢᠯᠪᠠᠭᠠᠨ ᠤ᠋ ᠳᠤᠮᠳᠠᠭᠤᠷ ᠪᠥᠭᠡᠮ ᠴᠠᠭᠠᠨ ᠡᠭᠦᠯᠡ ᠪᠠᠶᠠᠰᠤᠯᠲᠠᠢ ᠪᠠᠷ ᠬᠥᠪᠦᠨ ᠠᠢᠰᠤᠢ ᠃   
    ᠡᠭᠦᠯᠡ ᠂ ᠮᠢᠨᠳᠠᠰᠤᠨ ᠴᠠᠭᠠᠨ ᠡᠭᠦᠯᠡ ᠃  
    ᠨᠢᠭᠡᠳᠦᠯ ᠦ᠋ᠨ ᠵᠤᠰᠠᠯᠠᠩ ᠳᠡᠭᠡᠷ᠎ᠡ ᠡᠷᠲᠡᠯᠡᠨ ᠪᠣᠰᠤᠭᠰᠠᠨ ᠰᠠᠭᠠᠯᠢᠴᠢᠳ ᠦᠨᠢᠶ᠎ᠡ ᠪᠡᠨ ᠰᠠᠭᠠᠵᠤ ᠪᠠᠷᠠᠭᠠᠳ ᠰᠦ᠍ ᠪᠡᠨ ᠨᠠᠰᠢ ᠴᠠᠰᠢ ᠵᠥᠭᠡᠭᠡᠬᠦ ᠳ᠋ᠦ᠍ ᠦᠰᠦ ᠪᠡᠨ ᠪᠣᠭᠣᠭᠰᠠᠨ ᠤᠯᠠᠭᠠᠨ ᠂ ᠨᠣᠭᠣᠭᠠᠨ ᠂ ᠰᠢᠷ᠎ᠠ ᠂ ᠶᠠᠭᠠᠨ ᠂ ᠬᠣᠨᠳᠣᠨ ᠠᠯᠴᠢᠭᠤᠷ ᠨᠢ ᠥᠷᠯᠥᠭᠡ ᠶ᠋ᠢ ᠤᠭᠲᠤᠨ ᠳᠡᠯᠭᠡᠷᠡᠭᠰᠡᠨ ᠥᠩᠭᠡ ᠶ᠋ᠢᠨ ᠴᠡᠴᠡᠭ ᠮᠡᠲᠦ ᠦᠵᠡᠰᠬᠦᠯᠡᠩ ᠰᠠᠢᠬᠠᠨ ᠮᠢᠷᠠᠯᠵᠠᠨ ᠬᠠᠷᠠᠭᠳᠠᠨ᠎ᠠ ᠃ ᠬᠡᠨ ᠨᠢ ᠶᠠᠮᠠᠷ ᠨᠢᠭᠡᠨ ᠱᠣᠭ ᠭᠠᠷᠭᠠᠭᠰᠠᠨ ᠪᠤᠶᠤ ᠢᠨᠢᠶᠡᠳᠦᠮᠲᠡᠢ ᠦᠭᠡ ᠬᠡᠯᠡᠭᠰᠡᠨ ᠢ᠋ ᠪᠤᠤ ᠮᠡᠳᠡ ᠂ ᠰᠠᠭᠠᠯᠢᠴᠢᠳ ᠤ᠋ᠨ ᠵᠢᠷᠦᠬᠡᠨ ᠦ᠌ ᠤᠭ ᠠ᠋ᠴᠠ ᠣᠷᠭᠢᠯᠤᠭᠰᠠᠨ ᠢᠨᠢᠶᠡᠳᠦ ᠶ᠋ᠢᠨ ᠳᠠᠭᠤ ᠨᠢ ᠲᠣᠭᠣᠨᠣ ᠶ᠋ᠢᠨ ᠳᠡᠭᠡᠪᠦᠷ ᠣᠴᠢᠵᠤ ᠡᠷᠭᠢᠯᠳᠦᠨ᠎ᠡ ᠃ ᠡᠨᠡᠬᠦ ᠴᠡᠴᠡᠭ ᠦ᠋ᠨ ᠤᠷᠤᠰᠬᠠᠯ ᠪᠠ ᠢᠨᠢᠶᠡᠳᠦᠨ ᠦ᠌ ᠳᠠᠪᠠᠯᠭᠠᠨ ᠳᠤᠮᠳᠠ ᠲᠣᠭᠲᠠᠵᠤ ᠶᠠᠳᠠᠨ ᠳᠡᠭᠦᠯᠢᠨ ᠳᠡᠪᠬᠡᠷᠴᠦ ᠪᠠᠢᠭ᠎ᠠ ᠠᠯᠢᠶ᠎ᠠ ᠰᠠᠷᠠᠯ ᠤ᠋ᠨ ᠨᠢᠷᠤᠭᠤᠨ ᠳᠡᠭᠡᠷ᠎ᠡ ᠡᠴᠡ ᠨᠢᠭᠡᠨ ᠬᠣᠷᠮᠣᠢ ᠰᠢᠭᠤᠭᠰᠠᠨ ᠵᠠᠯᠠᠭᠤ ᠡᠷ᠎ᠡ ᠦᠰᠦᠷᠦᠨ ᠪᠠᠭᠤᠨ᠎ᠠ ᠃  
     ᠠᠳᠤᠭᠤᠴᠢᠨ ᠂ ᠪᠦᠷᠭᠦᠳ ᠰᠢᠭ ᠡᠷᠡᠯᠬᠡᠭ ᠠᠳᠤᠭᠤᠴᠢᠨ !                                                                                             1961.12