ᠬᠡᠦᠬᠡᠳ ᠤᠨ ᠬᠡᠯᠡᠯᠭᠡ ᠨᠤᠭᠦᠳХүүхдийн хэллэгүүд
ᠬᠡᠦᠬᠡᠳ ᠤᠨ ᠬᠡᠯᠡᠯᠭᠡ ᠨᠤᠭᠦᠳ
ᠬᠡᠦᠬᠡᠳ ᠤᠨ ᠬᠡᠯᠡᠯᠭᠡ ᠨᠤᠭᠦᠳ
ᠪᠤᠵᠤᠭᠤᠢ ᠪᠤᠭ ᠪᠤᠭ
ᠪᠣᠷᠣ ᠮᠣᠳᠣ ᠲᠠᠭ ᠲᠠᠭ
ᠱᠠᠭᠠᠵᠠᠭᠠᠢ ᠱᠠᠭ ᠱᠠᠭ
ᠰᠢᠷ᠎ᠠ ᠮᠣᠳᠣ ᠲᠠᠭ ᠲᠠᠭ
ᠲᠠᠯ᠎ᠠ ᠳᠡᠭᠡᠷ᠎ᠡ ᠲᠠᠯᠤᠬ ᠫᠠᠯᠤᠬ
ᠳᠠᠪᠬᠢᠵᠤ ᠪᠠᠶ᠋ᠢᠭᠠᠳ ᠦᠨᠳᠡᠭ ᠦᠨᠳᠡᠭ
ᠮᠠᠩᠬᠠᠨ ᠳᠡᠭᠡᠷ᠎ᠡ ᠮᠠᠯᠤᠢ ᠲᠠᠯᠤᠢ
ᠮᠡᠯᠡᠷᠡᠵᠦ ᠠᠪᠤᠭᠠᠳ ᠭᠣᠳᠣᠰ ᠭᠣᠳᠣᠰ
ᠠᠯᠠᠭ ᠨᠤᠭᠤᠰᠤ
ᠠᠯᠴᠠᠭ ᠠᠯᠴᠠᠭ
ᠠᠩᠭᠠᠬᠠᠢ ᠲᠡᠭᠲᠡᠭᠡ ᠨᠢ
ᠪᠤᠯᠲᠠᠰ ᠪᠤᠯᠲᠠᠰ
ᠬᠤᠨ ᠴᠢᠨ ( ᠬᠤᠨ ᠭᠠᠯᠠᠭᠤ )
ᠳᠡᠷᠪᠡᠰ ᠳᠡᠷᠪᠡᠰ
ᠬᠦᠵᠦᠭᠦᠦ ᠨᠢ ᠰᠤᠨᠤᠭᠠᠳ
ᠭᠠᠩᠭᠠᠷ ᠬᠠᠩᠭᠢᠷ
ᠲᠣᠭᠣᠷᠤᠤ ᠲᠣᠭᠣᠷᠤᠤ
ᠴᠠᠮᠨᠠᠨ ᠬᠠᠷᠠᠶ᠋ᠢᠨᠠ
ᠳᠣᠬᠢᠵᠤ ᠠᠪᠤᠭᠠᠳ
ᠳᠡᠷᠪᠡᠨ ᠬᠠᠷᠠᠶ᠋ᠢᠨᠠ
ᠪᠥᠵᠥᠩ ᠪᠥᠵᠥᠩ ᠪᠦᠭᠴᠦᠰ
ᠪᠦᠭᠴᠦᠶ᠋ᠢᠵᠤ ᠪᠠᠶ᠋ᠢᠭᠠᠳ ᠭᠣᠵᠣᠰ
ᠲᠠᠤᠯᠠᠢ ᠲᠠᠤᠯᠠᠢ ᠲᠣᠩᠭᠣᠰ
ᠲᠤᠩᠭᠤᠶ᠋ᠢᠵᠤ ᠪᠠᠶ᠋ᠢᠭᠠᠳ ᠳᠡᠯᠳᠡᠰ
ᠬᠠᠷᠴᠠᠭᠠᠢ ᠬᠠᠷᠴᠠᠭᠠᠢ ᠬᠠᠯᠢᠰ
ᠬᠠᠯᠢᠵᠤ ᠪᠠᠶ᠋ᠢᠭᠠᠳ ᠲᠠᠭᠠᠷᠢᠰ
ᠡᠯᠢᠶ᠎ᠡ ᠡᠯᠢᠶ᠎ᠡ ᠢᠨᠴᠠᠭᠠᠰ
ᠢᠨᠴᠠᠭᠠᠵᠤ ᠪᠠᠶ᠋ᠢᠭᠠᠳ ᠰᠢᠭᠦᠷᠡᠰ
ᠬᠤᠷᠤᠢ ᠬᠤᠷᠤᠢ ᠬᠤᠳᠳᠤᠭ ᠳᠡᠭᠡᠷ᠎ᠡ
ᠬᠤᠷᠠᠭᠠᠨ ᠮᠠᠯᠠᠭᠠᠢ ᠳᠤᠬᠤᠨ ᠳᠡᠭᠡᠷ᠎ᠡ
ᠰᠢᠨ᠎ᠡ ᠶ᠋ᠢᠨ ᠨᠢᠭᠡᠨ ᠰᠢᠷᠡᠭᠡᠨ ᠳᠡᠭᠡᠷ᠎ᠡ
ᠰᠢᠷᠡᠮᠦᠨ ᠱᠠᠬᠤ ᠴᠣᠭ ᠤ᠋ᠨ ᠳᠡᠭᠡᠷ᠎ᠡ
ᠲᠠᠮᠠᠬᠢ ᠬᠥᠬᠦᠦᠷ ᠳᠠᠯᠢᠩ ᠳᠡᠭᠡᠷ᠎ᠡ
ᠲᠣᠷᠭᠠᠨ ᠬᠠᠳᠠᠭ ᠠᠯᠠᠭᠠᠨ ᠳᠡᠭᠡᠷ᠎ᠡ
ᠤᠨᠤᠬᠤ ᠮᠣᠷᠢᠳ ᠤᠶᠠᠭᠠᠨ ᠳᠡᠭᠡᠷ᠎ᠡ
ᠤᠭᠤᠴᠠ ᠮᠢᠬ᠎ᠠ ᠫᠢᠯᠠ ᠳᠡᠭᠡᠷ᠎ᠡ
ᠮᠢᠨᠦ ᠢᠮᠠᠭ᠎ᠠ
ᠵᠦ᠋ ᠵᠦ᠋ ᠰᠠᠢᠨ
ᠮᠢᠨᠦ ᠵᠦᠵᠡᠢ
ᠭᠠ ᠭᠠ ᠰᠠᠢᠨ
ᠡᠪᠦᠯ ᠪᠣᠯᠤᠯ᠎ᠠ
ᠴᠠᠰᠤ ᠣᠷᠣᠯ᠎ᠠ
ᠦᠬᠡᠷ ᠠᠯᠠᠯ᠎ᠠ
ᠮᠢᠬ᠎ᠠ ᠢᠳᠡᠯ᠎ᠡ
ᠭᠠᠷ ᠳᠤᠰᠤᠲᠠᠯᠠ
ᠭᠤᠲᠤᠯ ᠳ᠋ᠤ᠌ ᠲᠦᠷᠬᠢᠯᠡ
ᠪᠣᠷᠣᠭᠠᠨ ᠣᠷᠣᠯ᠎ᠠ
ᠪᠣᠷᠣ ᠬᠦᠦ ᠲᠥᠷᠥᠯ᠎ᠡ
ᠵᠠᠭᠠᠷᠠᠩ ᠵᠠᠯᠠᠯ᠎ᠠ
ᠵᠠᠵᠠᠢ ᠶᠠᠭᠠᠷᠠᠯ᠎ᠠ
ᠪᠣᠷᠣᠭᠠᠨ ᠣᠷᠣᠯ᠎ᠠ
ᠪᠣᠲᠣᠭᠣ ᠲᠤᠶ᠋ᠢᠯᠠᠯᠠ
ᠡᠮᠡᠭᠡᠨ ᠣᠢᠯᠠᠯᠠ
ᠡᠭᠡᠵᠡᠭᠡᠢ ᠠᠰᠬᠠᠯ᠎ᠠ
ᠨᠠᠷᠠ ᠨᠠᠷᠠ
ᠨᠠᠭᠠᠰᠢ ᠪᠠᠨ
ᠨᠠᠷᠠᠨ ᠰᠡᠭᠦᠳᠡᠷ
ᠴᠠᠭᠠᠱᠢ ᠪᠠᠨ
ᠬᠡᠨ ᠤᠩᠭᠠᠪᠠ
ᠬᠡᠯᠡᠭᠡᠳ ᠠᠯᠢ
ᠬᠡᠯᠡᠮᠡᠨ ᠵᠢᠯᠡᠮᠡᠨ
ᠭᠠᠶ᠋ᠢᠬᠠᠯ ᠭᠤᠤᠬᠠᠯ
ᠳ᠋ᠠᠴᠢᠭᠡᠯ ᠳ᠋ᠦ᠋ᠴᠢᠭᠡᠯ
ᠲᠠᠤᠯᠠᠢ ᠮᠠᠤᠯᠠᠢ
ᠲᠣᠩᠭᠣᠰ
ᠣᠭᠣᠯᠢ ᠪᠠᠷ ᠤᠩᠰᠢᠭᠤᠯ
ᠤᠬᠤᠨ᠎ᠠ ᠪᠠᠷ ᠰᠢᠩᠰᠢᠭᠦᠯ
ᠤᠲᠤᠭᠠᠲᠠᠢ ᠰᠢᠷ᠎ᠠ ᠢᠰᠡᠭᠡᠢ ᠪᠡᠷ ᠴᠢᠬᠢᠭᠦᠯ
ᠬᠡᠨ ᠤᠩᠭᠠᠪᠠ
ᠬᠡᠯᠡᠬᠰᠡᠨ ᠳᠡᠯᠦᠮᠡᠨ
ᠪᠠᠶ᠋ᠢᠨ ᠪᠠᠶ᠋ᠢᠰᠢᠩ
ᠬᠤᠯᠲᠠᠷᠠᠩ ᠭᠣᠰ
ᠰᠠᠢᠨ ᠯᠠᠮᠠ
ᠮᠠᠭᠤ ᠯᠠᠮᠠ
ᠪᠦᠷᠢᠶᠡᠴᠢᠨ
ᠪᠢᠰᠬᠢᠭᠦᠷᠴᠢᠨ
ᠰᠢ ᠭᠤᠸ᠎ᠠ
ᠯᠣᠨᠳᠣᠨ ᠪᠥᠬᠡ
ᠬᠢᠷᠢᠶᠡ ᠬᠢᠷᠢᠶᠡ
ᠬᠠᠮᠢᠭ᠎ᠠ ᠠ᠋ᠴᠠ ᠢᠷᠡᠪᠡ
ᠰᠠᠢᠨ ᠬᠡᠯᠡ ᠂ ᠰᠠᠢᠨ ᠬᠡᠯᠡ
ᠰᠠᠭᠠᠷᠢᠨ ᠭᠤᠲᠤᠯ
ᠣᠶᠣᠵᠤ ᠦᠭᠭᠦᠶ᠎ᠡ
ᠫᠢᠯᠠ ᠫᠢᠯᠠ ᠪᠢᠩᠬᠠᠢ
ᠫᠢᠯᠠ ᠪᠠᠷ ᠳᠦᠭᠦᠷᠡᠩ ᠲᠠᠩᠬᠠᠢ
ᠳᠠᠯᠠᠢ ᠶ᠋ᠢᠨ ᠨᠣᠭᠣᠭ᠎ᠠ ᠬᠠᠶ᠋ᠢᠲᠠᠢ
ᠳᠠᠪᠤᠰᠤᠨ ᠳ᠋ᠤ᠌ ᠳᠠᠷᠤᠭᠰᠠᠨ ᠰᠢᠶᠠᠩᠼᠠᠢ
ᠬᠣᠨᠢ ᠲᠠᠢ ᠤᠤ
ᠢᠮᠠᠭ᠎ᠠ ᠲᠠᠢ ᠤᠤ
ᠬᠣᠷᠣᠭ᠎ᠠ ᠲᠠᠢ ᠤᠤ
ᠬᠠᠰᠢᠶ᠎ᠠ ᠲᠠᠢ ᠤᠤ
ᠬᠣᠪᠣᠭᠣ ᠲᠠᠢ ᠤᠤ
ᠣᠩᠭᠣᠴᠠ ᠲᠠᠢ ᠤᠤ
ᠬᠤᠵᠢᠷ ᠲᠠᠢ ᠤᠤ
ᠳᠠᠪᠤᠰᠤ ᠲᠠᠢ ᠤᠤ
ᠬᠠᠶ᠋ᠢᠴᠢ ᠲᠠᠢ ᠤᠤ
ᠪᠢᠯᠢᠭᠦᠤ ᠲᠠᠢ ᠤᠤ
ᠬᠣᠪᠲᠣ ᠲᠠᠢ ᠤᠤ
ᠮᠥᠩᠭᠥ ᠲᠡᠢ ᠤᠤ
ᠬᠤᠪᠢ ᠲᠠᠢ ᠤᠤ
ᠢᠷᠦᠭᠡᠯ ᠲᠡᠢ ᠤᠤ
ᠦᠬᠡᠷ ᠲᠡᠢ ᠤᠤ
ᠠᠳᠤᠭᠤ ᠲᠠᠢ ᠤᠤ
ᠤᠷᠭ᠎ᠠ ᠲᠠᠢ ᠤᠤ
ᠲᠠᠮᠠᠭ᠎ᠠ ᠲᠠᠢ ᠤᠤ
ᠡᠮᠡᠭᠡᠯ ᠲᠡᠢ ᠤᠤ
ᠬᠠᠵᠠᠭᠠᠷ ᠲᠠᠢ ᠤᠤ
ᠰᠠᠪᠠ ᠲᠠᠢ ᠤᠤ
ᠰᠠᠭᠠᠯᠢ ᠲᠠᠢ ᠤᠤ
ᠲᠣᠭᠣᠭ᠎ᠠ ᠲᠠᠢ ᠤᠤ
ᠲᠤᠯᠭ᠎ᠠ ᠲᠠᠢ ᠤᠤ
ᠲᠠᠯᠠᠯᠠᠭ᠎ᠠ ᠲᠠᠢ ᠤᠤ
ᠬᠡᠶ᠋ᠢᠮᠣᠷᠢ ᠲᠠᠢ ᠤᠤ
ᠬᠡᠰᠢᠭ ᠲᠡᠢ ᠤᠤ
ᠪᠤᠶᠠᠨ ᠲᠠᠢ ᠤᠤ
ᠰᠠᠶ᠋ᠢᠨᠵᠢᠷᠭᠠᠯ ᠤ᠋ᠨ ᠴᠤᠭᠯᠠᠭᠤᠯᠤᠭᠰᠠᠨ ᠊ᠢ 《 ᠠᠶᠤᠩᠭ᠎ᠠ ᠮᠡᠷᠭᠡᠨ ᠬᠠᠭᠠᠨ 》 ᠭᠡᠬᠦ ᠨᠣᠮ ᠠ᠋ᠴᠠ ᠠᠪᠤᠪᠠ ᠃
ᠦᠰᠦᠭ ᠠᠮᠢᠯᠠᠭᠤᠯᠤᠭᠰᠠᠨ ᠨᠢ ᠄ ᠦᠯᠵᠡᠶ᠋ᠢᠪᠠᠭᠠᠲᠤᠷ
ᠬᠢᠨᠠᠭᠰᠠᠨ ᠨᠢ ᠄ ᠤᠤᠠᠬᠠᠨᠰᠤ᠎ᠡ
