ᠮᠥᠬᠥᠭᠰᠡᠨ ᠳᠠᠯᠠᠢ ᠶ᠋ᠢᠨ ᠣᠷᠣᠮ ᠳᠡᠭᠡᠷ᠎ᠡ - ᠲ ᠂ ᠭᠣᠮᠪᠣᠵᠠᠪ Мөхсөн далайн ором дээр - Т ᠂ Гомбожав
ᠮᠥᠬᠥᠭᠰᠡᠨ ᠳᠠᠯᠠᠢ ᠶ᠋ᠢᠨ ᠣᠷᠣᠮ ᠳᠡᠭᠡᠷ᠎ᠡ
ᠳᠠᠯᠠᠢ ᠶ᠋ᠢᠨ ᠨᠢᠯᠪᠤᠰᠤ
ᠤᠮᠪᠠᠬᠤ ᠭᠡᠵᠦ
ᠳᠠᠯᠠᠢ ᠪᠠᠨ ᠡᠷᠢᠨ ᠣᠴᠢᠬᠤ ᠳ᠋ᠤ᠌
ᠰᠢᠷᠬᠢᠴᠢᠭᠰᠡᠨ ᠪᠠᠶ᠋ᠢᠯ᠎ᠠ
ᠭᠠᠩᠳᠠᠬᠤ ᠳ᠋ᠠᠭᠠᠨ ᠪᠢ
ᠨᠢᠯᠪᠤᠰᠤ ᠶ᠋ᠢ ᠨᠢ ᠲᠡᠭᠦᠵᠦ ᠰᠠᠭᠤᠯ᠎ᠠ
ᠳᠤᠰᠤᠯ ᠪᠦᠷᠢ ᠨᠢ
ᠲᠤᠨᠲᠠᠷᠠᠬᠤ ᠳᠤᠷ᠎ᠠ ᠦᠭᠡᠢ
ᠳᠠᠯᠠᠢ ᠶ᠋ᠢᠨ ᠮᠢᠨᠢ ᠰᠡᠳᠬᠢᠯ ᠬᠥᠪ ᠬᠦᠨᠳᠦ ᠡ !
ᠳᠠᠪᠠᠯᠭᠠᠨ
ᠲᠣᠩ ᠬᠦᠴᠦᠲᠡᠢ ᠰᠣᠨᠣᠰᠳᠠᠵᠤ
ᠲᠣᠩ ᠬᠣᠯᠠ ᠰᠣᠨᠣᠰᠳᠠᠵᠤ
ᠨᠠᠮᠠᠢ᠍ᠢ ᠂ ᠤᠯᠠᠮ ᠬᠠᠭᠰᠠᠭᠠᠨᠠ
ᠲᠡᠳᠡᠭᠡᠷ
ᠨᠠᠳᠠ ᠤᠷᠤᠭᠤ ᠪᠦᠯᠲᠡᠭᠡᠨᠡᠬᠦ
ᠬᠣᠨᠢᠨ ᠪᠣᠷᠣ ᠨᠢᠳᠦ ᠶ᠋ᠢ ᠪᠢ
ᠤᠩᠰᠢᠵᠤ ᠴᠢᠳᠠᠭᠰᠠᠨ ᠥᠬᠡᠢ ᠡ
ᠮᠢᠨᠤ ᠵᠢᠷᠦᠬᠡ
ᠲᠠᠭᠤ ᠦᠭᠡᠢ ᠴᠢᠯᠠᠭᠤᠵᠢᠵᠤ ᠪᠠᠶ᠋ᠢᠯ᠎ᠠ !
ᠰᠣᠭᠲᠣᠭᠤ ᠡᠪᠡᠰᠦ
ᠢᠨᠢᠶᠡᠳᠦ ᠠᠯᠳᠠᠭᠰᠠᠨ ᠡᠨᠡ ᠤᠬᠠᠭᠠᠨ ᠤ
ᠰᠡᠭᠦᠳᠡᠷ ᠨᠢ ᠪᠡᠬᠡᠨ ᠬᠠᠷ᠎ᠠ ᠨᠠᠲᠤᠯᠵᠠᠨᠠ
ᠢᠷ ᠰᠢᠭ
ᠨᠠᠷᠢᠬᠠᠨ ᠤᠷᠤᠰᠬᠠᠯ ᠢᠳᠡᠭ ᠢᠳᠡᠭ ᠢᠶ᠋ᠡᠷ ᠥᠷᠭᠡᠰᠴᠦ
ᠢᠷᠮᠡᠭ ᠳᠠᠭᠠᠭᠰᠠᠨ ᠡᠬᠡ ᠭᠠᠵᠠᠷ ᠢ ᠂ ᠲᠠᠩᠳᠠ
ᠢᠷᠡᠭᠡᠳᠦᠢ ᠦᠭᠡᠢ ᠶᠡᠭᠦᠷᠡᠭᠦᠯᠦᠨᠡ
ᠡᠨᠡ ᠠᠶᠤᠯ ᠤᠨ ᠬᠢᠵᠠᠭᠠᠷ ᠦᠭᠡᠢ ᠪᠣᠭᠣᠮᠢ
ᠡᠷᠲᠡ ᠣᠷᠣᠢ ᠦᠭᠡᠢ
ᠡᠷᠦᠬᠡᠨ ᠲᠣᠯᠣᠭᠠᠢ ᠣᠷᠢᠶᠠᠨ᠎ᠠ ᠭᠡᠬᠦ ᠡᠴᠡ
ᠳᠡᠯᠡᠬᠡᠢ ᠂ ᠬᠠᠷᠠᠭᠠᠨ ᠠ᠋ᠴᠠ ᠪᠠᠯᠠᠷᠠᠨ᠎ᠠ ᠪᠢᠯᠡ
ᠭᠢᠰᠬᠢᠭᠰᠡᠭᠡᠷ ᠨᠢᠴᠠ ᠣᠴᠢᠬᠤ ᠡᠨᠡ ᠡᠪᠡᠰᠦ ᠶ᠋ᠢ
ᠭᠢᠰᠬᠢᠵᠦ ᠴᠢᠳᠠᠬᠤ ᠬᠥᠯ ᠡᠷᠢᠨ ᠂ ᠪᠢ
ᠥᠪᠥᠷ ᠳᠥᠴᠢ ᠶᠢᠰᠦᠨ ᠬᠤᠰᠢᠭᠤ ᠶ᠋ᠢ
ᠡᠭᠦᠳᠡ ᠳᠠᠷᠠᠭᠠᠯᠠᠨ ᠲᠣᠭᠣᠷᠢᠯᠠ ᠡ !
ᠪᠦᠷᠢᠶ᠎ᠡ ᠮᠠᠩᠬ᠎ᠠ
ᠳᠤᠮᠤᠭ ᠢ ᠴᠢᠨᠢ ᠬᠤᠳᠠᠯᠳᠤᠵᠤ
ᠪᠠᠶᠠᠵᠢᠬᠤ ᠂ ᠪᠢ ᠳᠤᠷ᠎ᠠ ᠦᠭᠡᠢ
ᠲᠠᠭᠤᠨ ᠤ ᠴᠢᠨᠢ ᠤᠴᠢᠷ ᠢ ᠣᠯᠬᠤ ᠭᠡᠵᠦ
ᠵᠣᠪᠠᠬᠤ ᠡᠭᠦᠷᠭᠡ ᠲᠡᠢ ᠡ
ᠡᠯᠡᠰᠦᠨ ᠨᠤᠲᠤᠭ ᠤᠨ ᠮᠢᠨᠢ ᠬᠣᠩᠬᠣᠨ ᠤ ᠬᠤᠷᠴᠠ ᠬᠡᠯᠡ
ᠡᠵᠡᠭᠦᠢ ᠶ᠋ᠢᠨ ᠮᠢᠨᠢ
ᠨᠢᠭᠡ ᠪᠣᠳᠣᠭᠰᠠᠨ ᠮᠦᠭᠡᠷᠡᠯ
ᠠᠪᠢᠶ᠎ᠠ ᠶ᠋ᠢ ᠴᠢᠨᠢ ᠶᠠᠭᠠᠬᠢᠵᠤ ᠲᠡᠮᠳᠡᠭᠯᠡᠪᠡᠯ ᠵᠣᠬᠢᠬᠤ ᠪᠢᠯᠡ ?
ᠳᠦᠩᠭᠢᠨᠡᠨ ᠰᠣᠨᠣᠰᠳᠠᠬᠤ ᠨᠡᠷ᠎ᠡ ᠪᠡᠷ ᠴᠢᠨᠢ
ᠳᠥᠷᠪᠡᠨ ᠵᠦᠭ ᠴᠢᠮ᠎ᠠ ᠤᠷᠤᠭᠤ ᠴᠢᠬᠢ ᠲᠠᠯᠪᠢᠨ᠎ᠠ
ᠴᠢᠨᠤ ᠳᠠᠭᠤ ᠂ ᠨᠠᠢᠮᠠᠨ ᠵᠣᠪᠬᠢᠰ ᠤᠷᠤᠭᠤ
ᠲᠦᠮᠡᠨ ᠠᠰᠠᠭᠤᠯᠲᠠ ᠳᠡᠯᠭᠡᠨ᠎ᠡ ᠡ
ᠭᠠᠩ ᠤᠨ ᠨᠠᠷᠠ ᠲᠡᠰᠪᠦᠷᠢᠲᠡᠢ ᠲᠣᠭᠲᠠᠵᠤ
ᠭᠠᠵᠠᠷ ᠤᠨ ᠤᠯᠠᠮ ᠤᠯᠠᠮ ᠬᠠᠰᠠᠬᠤ ᠲᠠᠭᠤᠨ
ᠨᠠᠮᠠᠢ᠍ᠢ ᠲᠠᠷᠴᠢᠯᠭᠠᠨᠠ
ᠪᠢ
ᠲᠣᠯᠣᠭᠠᠢ ᠪᠠᠨ ᠲᠡᠪᠡᠷᠢᠨ ᠭᠦᠶᠦᠬᠦ ᠳ᠋ᠦ᠍
ᠪᠤᠳᠤᠯ ᠠ᠋ᠴᠠ ᠮᠢᠨᠢ ᠬᠣᠯᠠ ᠡᠪᠦᠭᠡᠵᠢᠶᠡᠷ ᠨᠢᠭᠡ ᠬᠥᠮᠦᠨ ᠦ
《 ᠪᠣᠷᠣᠭᠠᠨ ! ᠪᠣᠷᠣᠭᠠᠨ ! ᠁》 ᠭᠡᠬᠦ ᠲᠠᠭᠤᠨ
ᠪᠥᠬᠥ ᠣᠷᠣᠨ ᠵᠠᠢ ᠳᠦᠭᠦᠷᠴᠦ ᠪᠠᠶ᠋ᠢᠯ᠎ᠠ !
1988.5
ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌
< ᠢᠷᠡᠬᠦ ᠵᠠᠭᠤᠨ ᠤ ᠬᠣᠩᠬᠣᠨ ᠳᠠᠭᠤᠨ > ᠡᠴᠡ ᠬᠠᠭᠤᠯᠪᠠ᠃
ᠠᠮᠢᠯᠠᠭᠤᠯᠤᠨ ᠬᠠᠭᠤᠯᠤᠭᠰᠠᠨ ᠨᠢ ᠄ ᠴᠤᠯᠮᠤᠨᠲᠤᠶᠠᠭ᠎ᠠ
2023 . 05. 12
