ᠠᠯᠲᠠᠨ ᠰᠢᠷᠭᠠᠯ ᠡᠭᠦᠯᠡ - ᠪ᠂ ᠪᠦᠷᠢᠨᠪᠡᠬᠢ Алтан шаргал үүл - Б ᠂ Бүрэнбэх
ᠠᠯᠲᠠᠨ ᠰᠢᠷᠭᠠᠯ ᠡᠭᠦᠯᠡ
ᠠᠯᠤᠰ ᠰᠢᠯᠢ ᠳᠡᠭᠡᠭᠦᠷ ᠠᠯᠲᠠᠨ ᠡᠭᠦᠯᠡ ᠰᠡᠪᠡᠯᠵᠡᠨ᠎ᠡ ᠃
ᠠᠭᠤᠯᠠᠨ ᠤ᠋ ᠴᠠᠭᠠᠨ᠎ᠠ ᠰᠢᠷᠭᠤᠭᠰᠠᠨ ᠨᠠᠷᠠ ᠂ ᠰᠢᠷ᠎ᠠ ᠲᠣᠷᠭᠠᠨ ᠠᠯᠴᠢᠭᠤᠷ ᠢ᠋ᠶ᠋ᠠᠨ ᠤᠨᠠᠭᠠᠴᠢᠪᠠᠤ ? ᠭᠠᠭᠴᠠᠬᠦ ᠲᠠᠯ᠎ᠠ ᠶ᠋ᠢᠨ ᠵᠡᠭᠦᠨ ᠵᠠᠬ᠎ᠠ ᠶ᠋ᠢᠨ ᠰᠢᠯᠢ ᠳᠡᠭᠡᠷ᠎ᠡ ᠡᠴᠡ ᠯᠡ ᠵᠤᠷᠪᠤᠰ ᠰᠢᠷ᠎ᠠ ᠭᠡᠷᠡᠯ ᠰᠠᠴᠤᠷᠠᠨ᠎ᠠ ᠃
ᠮᠢᠨᠦ᠋ᠲ ᠲᠤᠲᠤᠮ ᠨᠠᠷᠢᠰᠤᠨ ᠬᠤᠮᠢᠯᠳᠤᠵᠤ ᠪᠠᠢᠭ᠎ᠠ ᠲᠡᠷᠡᠬᠦ ᠵᠤᠷᠪᠤᠰ ᠭᠡᠷᠡᠯ ᠳᠣᠲᠣᠷ᠎ᠠ ᠠ᠋ᠴᠠ ᠪᠥᠭᠡᠮ ᠪᠥᠭᠡᠮ ᠰᠡᠪᠰᠡᠭᠡᠷ ᠠᠯᠲᠠᠨ ᠡᠭᠦᠯᠡ ᠬᠣᠢᠨ᠎ᠠ ᠬᠣᠢᠨ᠎ᠠ ᠠ᠋ᠴᠠᠭᠠᠨ ᠴᠦᠷᠭᠦᠯᠡᠭᠰᠡᠨ ᠶᠦ᠍ᠮ ᠰᠢᠭ ᠴᠤᠪᠤᠷᠠᠯᠳᠤᠭᠰᠠᠭᠠᠷ ᠨᠠᠮᠤᠷ ᠤ᠋ᠨ ᠬᠣᠩᠭᠣᠷ ᠰᠠᠯᠬᠢᠨ ᠤ᠋ ᠡᠰᠡᠷᠭᠦ ᠬᠥᠪᠦᠯᠵᠡᠨ ᠨᠡᠭᠦᠨ᠎ᠡ ᠃ ᠠᠪᠤᠨ ᠦᠵᠡᠬᠦ ᠳ᠋ᠦ᠍ ᠠᠷᠢᠶᠠᠲᠠᠨ ᠶᠤᠮ ᠰᠢᠭ᠋ ᠂ ᠵᠢᠭᠦᠷᠲᠡᠨ ᠴᠦ᠍ ᠶᠦ᠍ᠮ ᠰᠢᠭ ᠂ ᠥᠨᠳᠥᠷ ᠬᠦᠵᠦᠭᠦᠦ ᠲᠠᠢ ᠶᠤᠮ ᠰᠢᠭ ᠂ ᠣᠬᠣᠷ ᠰᠡᠭᠦᠯ ᠲᠡᠢ ᠴᠦ᠍ ᠶᠤᠮ ᠰᠢᠭ᠋ ᠃
ᠠ ᠁ ᠰᠡᠪᠡᠭᠡᠷ ᠰᠢᠷ᠎ᠠ ᠡᠭᠦᠯᠡᠰ ᠠ᠋ ᠂ ᠰᠡᠭᠰᠡᠭᠡᠷ ᠠᠯᠲᠠᠨ ᠲᠡᠮᠡᠭᠡ ᠨᠦ᠍ᠭᠦᠳ ᠠ᠋! ᠨᠢᠭᠡᠳᠦᠯ ᠦ᠋ᠨ ᠮᠠᠯᠴᠢᠳ ᠤ᠋ᠨ ᠡᠯᠪᠡᠭ ᠬᠤᠷᠢᠶᠠᠯᠲᠠ ᠶ᠋ᠢᠨ ᠳᠡᠭᠡᠵᠢ ᠶ᠋ᠢ ᠠᠴᠢᠭᠰᠠᠭᠠᠷ ᠬᠣᠲᠠ ᠵᠡᠭᠡᠯᠢ ᠵᠦᠭ ᠬᠥᠪᠦᠨ ᠨᠢᠰᠴᠦ ᠪᠠᠢᠨᠠᠤ ?
ᠲᠡᠷᠲᠡᠭᠡ ᠂ ᠪᠥᠷᠲᠥᠯᠵᠡᠭᠰᠡᠨ ᠲᠠᠯ᠎ᠠ ᠶ᠋ᠢᠨ ᠲᠡᠷᠲᠡᠭᠡ ᠂ ᠰᠥᠨᠢ ᠶ᠋ᠢᠨ ᠮᠡᠳᠡᠭᠡ ᠶ᠋ᠢ ᠬᠦᠷᠭᠡᠭᠰᠡᠨ ᠭᠠᠭᠴᠠ ᠬᠣᠶᠠᠷ ᠣᠳᠣᠨ ᠭᠢᠯᠠᠯᠵᠠᠨ᠎ᠠ ᠃ ᠪᠠᠷᠠᠭ᠎ᠠ ᠲᠡᠭᠡᠭᠰᠡᠨ ᠴᠢᠴᠧ ᠲᠡᠷᠭᠡᠨ ᠦ᠌ ᠨᠢᠳᠦ ᠶᠦ᠍ᠮ ᠦᠦ? ᠪᠠᠳᠮᠠᠯᠠᠨ ᠳᠡᠯᠭᠡᠷᠡᠭᠰᠡᠨ ᠬᠣᠲᠠ ᠪᠠᠯᠭᠠᠳ ᠤ᠋ᠨ ᠳ᠋ᠧᠩ ᠶᠦ᠍ᠮ ᠦᠦ ?
ᠰᠠᠶᠢ ᠶ᠋ᠢᠨ ᠠᠯᠲᠠᠨ ᠰᠢᠷᠭᠠᠯ ᠡᠭᠦᠯᠡᠰ ᠲᠡᠳᠡᠭᠡᠷ ᠣᠳᠣᠨ ᠤ᠋ ᠵᠦᠭ ᠬᠥᠪᠦᠯᠵᠡᠨ ᠨᠢᠰᠦᠨ᠎ᠡ ᠃
