ᠡᠵᠢ ᠲᠡᠢ ᠪᠡᠨ ᠪᠠᠶ᠋ᠢᠬᠤ ᠳ᠋ᠤ᠌ - ᠨᠤᠲᠤᠭ Ээжтэйгээ байхад - Нутаг
ᠡᠵᠢ ᠲᠡᠢ ᠪᠡᠨ ᠪᠠᠶ᠋ᠢᠬᠤ ᠳ᠋ᠤ᠌
ᠨᠤᠲᠤᠭ
ᠡᠵᠢ ᠲᠡᠢ ᠪᠡᠨ ᠪᠠᠶ᠋ᠢᠬᠤ ᠳ᠋ᠤ᠌
ᠡᠨᠡ ᠬᠣᠷᠸ᠋᠎ᠠ ᠳᠦᠭᠦᠷᠡᠩ ᠰᠠᠨᠠᠭᠲᠠᠲᠠᠭ
ᠡᠯᠢᠭᠡᠨ ᠳ᠋ᠤ᠌ ᠨᠢ ᠪᠠᠭᠲᠠᠮ᠎ᠠ ᠦᠭᠡᠢ ᠪᠣᠯᠤᠭᠰᠠᠨ ᠴᠤ᠌
ᠡᠩᠭᠡᠷ ᠳᠡᠭᠡᠷ᠎ᠡ ᠨᠢ ᠨᠢᠯᠬᠠᠷᠠᠵᠤ ᠳᠡᠷᠡᠯᠡᠳᠡᠭ
ᠡᠷᠢᠭᠡᠳ ᠡᠷᠢᠭᠳᠡᠭᠡᠳ ᠪᠠᠶ᠋ᠢᠲᠠᠭ ᠠᠮᠢᠲᠤ ᠰᠢᠲᠦᠭᠡᠨ ᠮᠢᠨᠢ
ᠡᠵᠢ ᠲᠡᠢ ᠪᠡᠨ ᠪᠠᠶ᠋ᠢᠬᠤ ᠳ᠋ᠤ᠌
ᠡᠷᠭᠢᠬᠦ ᠤᠯᠠᠷᠢᠯ ᠡᠪᠦᠯ ᠦᠭᠡᠢ ᠰᠢᠭ᠌ ᠪᠣᠲᠣᠭᠲᠠᠲᠠᠭ
ᠡᠷᠲᠡ ᠶ᠋ᠢᠨ ᠴᠠᠢ ᠳ᠋ᠤ᠌ ᠪᠠᠨ ᠨᠠᠷᠠ ᠪᠠᠨ ᠰᠠᠮᠤᠷᠤᠭᠰᠠᠨ
ᠡᠲᠦᠷ ᠪᠣᠯᠭᠠᠨ ᠠ᠋ᠴᠠ ᠨᠢ ᠰᠦ᠋ ᠦᠨᠦᠷᠲᠦᠳᠡᠭ
ᠡᠷᠢᠬᠡ ᠲᠣᠭᠠᠯᠠᠵᠤ ᠵᠠᠶᠠᠬ᠋᠎ᠠ ᠪᠠᠨ ᠰᠢᠯᠤᠭᠤᠤᠠᠬᠠᠭᠰᠠᠨ ᠰᠦ᠋ ᠲᠡᠢ ᠪᠤᠷᠬᠠᠨ ᠮᠢᠨᠢ
ᠡᠵᠢ ᠲᠡᠢ ᠪᠡᠨ ᠪᠠᠶ᠋ᠢᠬᠤ ᠳ᠋ᠤ᠌
ᠡᠯᠲᠡᠪ ᠦ᠋ᠨ ᠬᠦᠴᠢᠷ ᠶᠠᠯᠢᠮ ᠦᠭᠡᠶ᠋ᠢᠬᠡᠨ ᠲᠤᠭᠤᠯᠲᠠᠭ
ᠡᠷᠴᠢ ᠬᠦᠴᠦ ᠭᠡᠵᠦ ᠡᠵᠢ ᠬᠥᠮᠦᠨ ᠬᠠᠶ᠋ᠢᠷᠠᠯᠠᠭᠰᠠᠨ ᠠ᠋ᠴᠠ
ᠡᠩ ᠦᠭᠡᠢ ᠣᠷᠴᠢᠯᠠᠩ ᠳ᠋ᠤ᠌ ᠰᠠᠭᠠᠳ ᠦᠭᠡᠢ ᠨᠢᠰᠳᠡᠭ
ᠡᠬᠢᠯᠡᠯᠲᠡ ᠶ᠋ᠢ ᠮᠢᠨᠢ ᠢᠷᠥᠭᠡᠯ ᠶ᠋ᠢᠡᠷ ᠮᠢᠯᠢᠶᠠᠭᠰᠠᠨ ᠬᠠᠲᠤᠨ ᠲᠩᠷᠢ ᠮᠢᠨᠢ
ᠡᠵᠢ ᠲᠡᠢ ᠪᠡᠨ ᠪᠠᠶ᠋ᠢᠬᠤ ᠳ᠋ᠤ᠌
ᠡᠷᠯᠢᠭ ᠲᠦ ᠲᠠᠨ ᠊ᠢ ᠪᠡᠨ ᠠᠯᠲᠠᠴᠢᠬᠠᠬᠤ ᠠ᠋ᠴᠠ ᠠᠶᠤᠲᠠᠭ
ᠡᠪᠡᠤᠠᠴᠢᠨ ᠭᠡᠳᠡᠭ ᠬᠠᠷ᠎ᠠ ᠲᠠᠮᠤ ᠳ᠋ᠤ᠌ ᠰᠢᠨᠡᠯᠡᠵᠦ ᠪᠠᠶ᠋ᠢᠬᠰᠠᠨ ᠴᠤ᠌
ᠡᠮᠲᠡᠷᠬᠡᠢ ᠭᠤᠨᠢᠬ ᠴᠤ᠌ ᠨᠢᠲᠦᠨ ᠴᠢᠨᠢ ᠬᠠᠷᠠᠭᠲᠠᠬ᠋ᠠ ᠦᠭᠡᠢ
ᠡᠷᠡᠮᠡᠬᠡᠢ ᠰᠥᠰᠥ ᠡᠷᠴᠢ ᠵᠣᠷᠢᠬ ᠲᠠᠢ ᠮᠣᠩᠭᠣᠯᠵᠢᠨ ᠭᠤᠸ᠋᠎ᠠ ᠮᠢᠨᠢ
ᠡᠵᠢ ᠲᠡᠢ ᠪᠡᠨ ᠪᠠᠶ᠋ᠢᠬᠤ ᠳ᠋ᠤ᠌
ᠡᠬᠢᠯᠡᠭᠦᠯᠬᠦ ᠪᠠᠲᠠᠭ ᠮᠢᠨᠢ ᠲᠠᠨ ᠠ᠋ᠴᠠ ᠤᠷᠭᠤᠲᠠᠭ
ᠡᠨᠲᠡ ᠡᠴᠡ ᠪᠢ ᠳᠠᠯᠠᠢ ᠬᠠᠶ᠋ᠢᠷ᠎ᠠ ᠶ᠋ᠢ ᠲᠠᠨᠢᠬᠰᠠᠨ ᠪᠣᠯᠬᠣᠷ
ᠡᠷᠭᠢᠨ ᠳ᠋ᠤ᠌ ᠨᠢ ᠬᠡᠵᠢᠶᠡᠲᠡ ᠮᠢᠨᠦ ᠰᠢᠯᠦᠭ ᠬᠦᠯᠢᠶᠡᠳᠡᠭ
ᠡᠷᠢᠯ ᠬᠦᠰᠡᠯ ᠊ᠢ ᠬᠤᠷᠤᠶ᠋ᠢᠯᠠᠭᠰᠠᠨ ᠨᠠᠶ᠋ᠢᠷᠠᠭ ᠦ᠋ᠨ ᠳᠠᠭᠢᠨᠢ ᠮᠢᠨᠢ
ᠡᠵᠢ ᠲᠡᠢ ᠪᠡᠨ ᠪᠠᠶ᠋ᠢᠬᠤ ᠳ᠋ᠤ᠌
ᠡᠲᠦᠷ ᠡᠲᠦᠷ ᠦ᠋ᠨ ᠨᠠᠷᠠᠨ ᠢᠨᠢᠶᠡᠵᠦ ᠮᠠᠨᠲᠤᠲᠠᠭ
ᠡᠨᠡ ᠳᠡᠯᠡᠬᠡᠢ ᠶ᠋ᠢᠨ ᠬᠠᠮᠤᠭ ᠪᠠᠶᠠᠨ ᠬᠥᠮᠦᠨ ᠪᠢ ᠪᠠᠶ᠋ᠢᠬᠰᠠᠨ ᠁
2023 ᠣᠨ ᠪ 《 ᠡᠵᠢ ᠶ᠋ᠢᠨ ᠪᠠᠶᠠᠷ 》 ᠦ᠋ᠨ ᠡᠳᠦᠷᠯᠢᠭ ᠲᠦ
ᠦᠰᠦᠭ ᠠᠮᠢᠯᠠᠭᠤᠯᠤᠭᠴᠢ ᠄ ᠪᠠᠶᠠᠨᠰᠡᠷᠡᠩ
ᠬᠢᠨᠠᠭᠴᠢ ᠪᠠᠭᠰᠢ ᠄ ᠣᠤᠠᠬᠠᠨᠰᠣ᠎ᠠ
