ᠮᠣᠩᠭᠣᠯ ᠳᠡᠪᠡᠯ - ᠬᠦ᠊ ᠂ ᠪᠦᠷᠢᠨᠪᠠᠶᠠᠷ Монгол дээл - Х . Бүрэнбаяр ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠳᠡᠪᠡᠯ - ᠬᠦ᠊ ᠂ ᠪᠦᠷᠢᠨᠪᠠᠶᠠᠷ Монгол дээл - Х . Бүрэнбаяр

ᠮᠣᠩᠭᠣᠯ ᠳᠡᠪᠡᠯ - ᠬᠦ᠊ ᠂ ᠪᠦᠷᠢᠨᠪᠠᠶᠠᠷ Монгол дээл - Х . Бүрэнбаяр

2023-05-12

487

ᠮᠣᠩᠭᠣᠯ ᠳᠡᠪᠡᠯ


   [ ᠤᠩᠰᠢᠯᠭ᠎ᠠ᠎ ᠶ᠋ᠢᠨ ᠬᠥᠲᠥᠴᠢ ]
          ᠲᠤᠰ ᠰᠢᠯᠦᠭ ᠲᠦ ᠮᠣᠩᠭᠣᠯ ᠪᠦᠰᠡᠭᠦᠢ ᠶ᠋ᠢᠨ ᠤᠷᠠᠨ ᠭᠠᠷ ᠠ᠋ᠴᠠ ᠮᠡᠨᠳᠦᠯᠡᠭᠰᠡᠨ ᠮᠣᠷᠢᠲᠠᠨ ᠤᠲᠤᠮ ᠦ᠋ᠨ ᠳᠡᠪᠡᠯ ᠊ᠢ ᠤᠶᠠᠩᠭᠠᠯᠠᠨ ᠮᠠᠭᠲᠠᠵᠠᠢ ᠃
          ᠮᠣᠩᠭᠣᠯᠴᠤᠳ ᠪᠣᠰᠤᠬ᠋᠎ᠠ ᠪᠠᠷ ᠰᠡᠳᠬᠢᠳᠡᠭ ᠦ᠋ᠨ ᠤᠴᠢᠷ ᠵᠠᠭᠠᠮ᠎ᠠ ᠪᠠᠨ ᠪᠣᠰᠤᠬ᠋᠎ᠠ ᠬᠢᠳᠡᠭ ᠂  ᠳᠡᠯᠡᠬᠡᠢ ᠶ᠋ᠢ ᠲᠣᠭᠣᠷᠢᠬ ᠰᠡᠳᠬᠢᠳᠡᠭ ᠤᠴᠢᠷ ᠳᠡᠪᠡᠯ ᠦ᠋ᠨ ᠬᠣᠷᠮᠣᠢ ᠪᠠᠨ ᠲᠣᠭᠣᠷᠢᠬ ᠬᠢᠳᠡᠭ ᠁ ᠡᠶ᠋ᠢᠮᠦ ᠡᠴᠡ ᠮᠣᠩᠭᠣᠯ ᠳᠡᠪᠡᠯ ᠨᠢ ᠵᠥᠪᠬᠡᠨ ᠬᠤᠪᠴᠠᠰᠤ ᠵᠠᠰᠠᠯ ᠪᠢᠰᠢ ᠂ ᠬᠠᠷᠢᠨ ᠠᠮᠢᠲᠤᠷᠠᠯ ᠦ᠋ᠨ ᠵᠠᠩ ᠳᠠᠳᠬᠠᠯ ᠂ ᠰᠣᠶᠣᠯ ᠤᠷᠠᠯᠢᠬ ᠂ ᠰᠦᠰᠦᠭ ᠪᠢᠰᠢᠷᠡᠯ ᠲᠡᠢ ᠨᠢᠬᠲᠠ ᠬᠣᠯᠪᠣᠬ᠋᠎ᠠ ᠲᠠᠢ ᠠᠵᠢ ᠃
          ᠰᠢᠯᠦᠭ ᠊ᠢ ᠤᠷᠤᠰᠤᠮ᠎ᠠ ᠰᠠᠶ᠋ᠢᠬᠠᠨ ᠂ ᠤᠷᠠᠨ ᠲᠣᠲᠣ ᠤᠩᠰᠢᠵᠤ ᠂ ᠪᠠᠲᠠᠭ ᠪᠦᠷᠢ ᠶ᠋ᠢᠨ ᠰᠠᠨᠠᠬ᠋᠎ᠠ ᠶ᠋ᠢ ᠵᠠᠲᠠᠯ ᠃


 ᠮᠥᠩᠬᠡ ᠲᠩᠷᠢ ᠶ᠋ᠢᠨ ᠵᠢᠰᠦ ᠶ᠋ᠢ ᠬᠦᠨᠲᠦᠯᠡᠵᠦ
 ᠮᠥᠩᠭᠥᠨ ᠲᠣᠪᠴᠢ ᠶ᠋ᠢᠨ ᠤᠤᠠᠬ᠎ᠠ ᠶ᠋ᠢ ᠳᠡᠯᠭᠡᠵᠦ ᠂
 ᠮᠣᠩᠭᠣᠯ ᠪᠦᠰᠡᠭᠦᠢ ᠶ᠋ᠢᠨ ᠤᠷᠠᠨ ᠭᠠᠷ ᠠ᠋ᠴᠠ
 ᠮᠣᠷᠢᠲᠠᠨ ᠤᠲᠤᠮ ᠦ᠋ᠨ ᠳᠡᠪᠡᠯ ᠮᠡᠨᠲᠦᠯᠡᠨ᠎ᠡ ᠃
     ᠳᠡᠪᠡᠯ ᠦ᠋ᠨ ᠵᠠᠭᠠᠮ᠎ᠠ ᠪᠠᠨ ᠪᠣᠰᠤᠬ᠋᠎ᠠ ᠪᠣᠲᠣᠵᠤ
     ᠳᠡᠯᠡᠬᠡᠢ ᠲᠥᠭᠥᠷᠢᠭᠯᠡᠵᠤ ᠲᠣᠭᠣᠷᠢᠬ ᠵᠢᠷᠤᠨ᠎ᠠ ᠃
     ᠳᠡᠯᠭᠡᠷ ᠥᠷᠭᠡᠨ ᠮᠥᠷᠥ ᠶ᠋ᠢ ᠨᠢ ᠲᠥᠭᠡᠯᠡᠵᠦ
     ᠳᠡᠯᠢᠮ ᠬᠢᠷᠢ ᠠᠭᠤᠵᠢᠮ ᠵᠢᠱ᠌ᠢᠨ᠎ᠡ ᠃
 ᠠᠲᠠᠷ ᠦ᠋ᠨ ᠰᠠᠯᠬᠢ ᠶ᠋ᠢ ᠵᠢᠰᠢᠭᠦᠦ ᠵᠠᠯᠠᠬᠤ  ᠪᠠᠷ
 ᠠᠰᠬᠠᠨ ᠡᠩᠭᠡᠷ ᠊ᠢ ᠲᠠᠰᠢᠭᠤ ᠪᠣᠯᠭᠠᠨ᠎ᠠ ᠃
 ᠠ᠊ ᠶ᠋ᠢᠨ ᠠᠶ᠋ᠢᠮᠠᠭ ᠦ᠋ᠨ ᠢ᠊ ᠪᠡᠷ ᠦᠯᠢᠭᠡᠷᠯᠡᠵᠦ
 ᠠᠴᠤᠭ ᠰᠢᠯᠪᠢ ᠶ᠋ᠢ ᠠᠮᠢᠲᠤᠯᠢᠬ ᠲᠣᠬᠢᠶᠠᠨ᠎ᠠ ᠃
     ᠡ᠊ ᠰᠢᠲᠦ ᠶ᠋ᠢ ᠡᠭᠡᠮ ᠦ᠋ᠨ ᠳ᠋ᠤ᠌ ᠰᠣᠶ᠋ᠢᠵᠤ
     ᠡᠩᠭᠡᠷ ᠦ᠋ᠨ ᠲᠠᠰᠢᠭᠤ ᠶ᠋ᠢ ᠰᠦᠪᠡᠭᠡᠨ ᠳ᠋ᠤ᠌ ᠵᠥᠷᠢᠭᠦᠯᠦᠨ᠎ᠡ ᠃
     ᠡᠯᠢᠭᠡᠨ ᠳ᠋ᠤ᠌ ᠰᠢᠷᠭᠤᠬᠤ ᠵᠢᠪᠠᠷ ᠊ᠢ ᠬᠣᠷᠢᠵᠤ
     ᠢ᠊ ᠶ᠋ᠢᠨ ᠰᠢᠯᠪᠢ ᠶ᠋ᠢ ᠰᠤᠭᠤᠨ ᠳ᠋ᠤ᠌ ᠲᠣᠪᠴᠢᠯᠠᠨ᠎ᠠ ᠃
 ᠡᠮᠦᠰᠬᠦ ᠳᠡᠪᠡᠯ ᠦ᠋ᠨ ᠵᠠᠭᠠᠮ᠎ᠠ ᠵᠠᠬ᠎ᠠ ᠶ᠋ᠢ
 ᠡᠪᠲᠡᠢ ᠲᠣᠬᠢᠲᠠᠢ ᠤᠷᠠᠯᠢᠬ ᠵᠣᠬᠢᠶᠠᠨ᠎ᠠ ᠃
 ᠡᠷᠭᠦᠨ ᠲᠠᠯᠪᠢᠬᠤ ᠰᠤᠭᠤ ᠶ᠋ᠢᠨ ᠠᠮᠢᠰᠬᠤᠬ᠋᠎ᠠ ᠶ᠋ᠢ
 ᠡᠪᠯᠡᠬᠦᠨ ᠰᠢᠯᠤᠭᠤᠨ ᠬᠠᠨᠴᠤᠢ ᠱᠤᠲᠤᠷᠤᠨ᠎ᠠ ᠃
     ᠴᠤᠯᠪᠤᠭᠤᠷ ᠰᠣᠶ᠋ᠢᠵᠤ ᠵᠢᠯᠣᠭᠣ ᠰᠤᠩᠭᠠᠬᠤ ᠪᠠᠷ
     ᠴᠣᠮᠪᠣᠩ ᠬᠠᠨᠴᠤᠢ ᠳ᠋ᠤ᠌ ᠳᠣᠷᠣᠭᠣ ᠪᠠᠭᠤᠯᠭᠠᠨ᠎ᠠ ᠃
     ᠴᠣᠮᠬᠠᠨ ᠨᠤᠭᠤᠯᠤᠬ᠋᠎ᠠ ᠬᠤᠨᠢᠶᠠᠰᠤ ᠳᠠᠷᠤᠵᠤ
     ᠴᠣᠬᠣᠮ ᠴᠦ᠍ ᠡᠪᠯᠢᠭ ᠲᠡᠰᠢᠶ᠎ᠡ ᠲᠠᠯᠪᠢᠨ᠎ᠠ ᠃
 ᠥᠯᠵᠡᠢ ᠮᠥᠷ ᠲᠡᠢ ᠵᠢᠯᠣᠭᠣ ᠡᠯᠭᠦᠭᠡᠳ
 ᠥᠯᠮᠡᠢ ᠥᠨᠲᠡᠶ᠋ᠢᠨ ᠳᠥᠷᠥᠭᠡᠯᠡᠬᠦ ᠶ᠋ᠢᠨ ᠵᠠᠭᠤᠷ᠎ᠠ
 ᠦᠷᠢᠶ᠎ᠡ ᠮᠣᠷᠢᠨ ᠪ ᠡᠷᠭᠢᠴᠡᠭᠡ ᠭᠦᠢᠴᠡᠬᠦ
 ᠡᠭᠦᠯᠡᠨ ᠬᠡ ᠲᠡᠢ ᠣᠨᠣᠭᠣ ᠠᠮᠠᠲᠠᠨ᠎ᠠ ᠃
     ᠠᠭᠰᠠᠭᠠᠵᠤ ᠡᠮᠦᠰᠪᠡᠯ ᠭᠡᠭᠡᠮᠰᠦᠭ ᠪᠣᠰᠴᠤ
     ᠠᠯᠠᠬ᠋᠎ᠠ ᠳᠠᠷᠤᠮ᠎ᠠ ᠰᠦᠪᠡᠭᠡ ᠳᠠᠷᠤᠨ᠎ᠠ ᠃
     ᠠᠷᠤ ᠶ᠋ᠢᠨ ᠬᠣᠷᠮᠣᠢ ᠶ᠋ᠢ ᠪᠢᠲᠡᠭᠦᠦ ᠳᠡᠪᠢᠰᠴᠦ
     ᠠᠯᠲᠠᠨ ᠪᠦᠷᠭᠦᠳ ᠦ᠋ᠨ ᠰᠡᠭᠦᠯ ᠳᠡᠯᠭᠡᠨ᠎ᠡ ᠃
 ᠳᠡᠪᠡᠯ ᠦ᠋ᠨ ᠡᠩᠭᠡᠷ ᠶ᠋ᠢᠡᠨ ᠬᠣᠷᠭᠣᠢ ᠴᠢᠮᠬᠢᠶᠡᠷᠢᠯᠡᠵᠦ
 ᠲᠩᠷᠢ ᠶ᠋ᠢᠨ ᠣᠶᠣᠲᠠᠯ ᠶ᠋ᠢᠠᠷ ᠵᠦᠢᠷᠯᠡᠵᠦ ᠴᠢᠮᠡᠨ᠎ᠡ ᠃
 ᠲᠡᠭᠦᠨ ᠪ ᠲᠣᠭᠣᠷᠢᠨ ᠳ᠋ᠤ᠌ ᠣᠲᠣ ᠰᠢᠭᠢᠤᠠᠬᠡᠵᠦ
 ᠲᠣᠪᠴᠢ ᠲᠡᠪᠬᠡ ᠶ᠋ᠢ ᠮᠥᠩᠭᠥ ᠪᠡᠷ ᠬᠠᠲᠠᠨ᠎ᠠ ᠃
      ᠤᠲᠠᠭᠠᠨ ᠡᠮᠦᠰᠬᠦ ᠳ᠋ᠤ᠌ ᠴᠢᠨᠠᠷ ᠊ᠢ ᠪᠥᠬᠡᠯᠡᠵᠦ
      ᠤᠷᠠᠯᠢᠬ ᠨᠠᠷᠢᠯᠢᠬ ᠰᠢᠬᠯᠠᠵᠤ ᠣᠶᠣᠨ᠎ᠠ ᠃
      ᠤᠲᠠᠰᠤ ᠵᠡᠭᠦᠦ ᠶ᠋ᠢᠨ ᠲᠠᠲᠠᠯᠬ᠋᠎ᠠ ᠪᠡᠬᠢᠯᠡᠵᠦ
      ᠤᠴᠢᠬ ᠪᠦᠷᠢ ᠳ᠋ᠤ᠌ ᠨᠢ ᠥᠯᠵᠡᠢ ᠵᠠᠩᠭᠢᠲᠤᠨ᠎ᠠ ᠃
 ᠡᠮᠦᠨ᠎ᠡ ᠬᠣᠶ᠋ᠢᠨ᠎ᠠ ᠬᠣᠶᠠᠷ ᠬᠣᠷᠮᠣᠢ ᠶ᠋ᠢ
 ᠤᠷᠲᠤᠷᠢᠬ ᠤᠲᠠᠰᠤ ᠪᠠᠷ ᠬᠣᠯᠪᠣᠵᠤ ᠬᠠᠪᠠᠨ᠎ᠠ ᠃
 ᠤᠷᠠᠨ ᠰᠠᠨᠠᠬ᠋᠎ᠠ ᠶᠢᠷᠲᠢᠨᠴᠦ ᠡᠷᠭᠢᠵᠦ
 ᠥᠷᠭᠡᠷᠢᠭ ᠱᠤᠭᠤᠮ ᠶ᠋ᠢᠠᠷ ᠪᠦᠰᠡ ᠳᠠᠷᠤᠨ᠎ᠠ ᠃
       ᠳᠡᠯᠡᠬᠡᠢ ᠡᠵᠢ ᠶ᠋ᠢᠨ ᠡᠩᠭᠡᠷᠲᠦ ᠳᠡᠪᠡᠯ
       ᠳᠡᠯᠭᠡᠷᠡᠬᠦ ᠵᠤᠨ ᠪ ᠡᠩᠬᠡ ᠶ᠋ᠢᠨ ᠬᠡᠢ ᠮᠣᠷᠢ ᠂
       ᠵᠠᠭᠠᠮ᠎ᠠ ᠪᠠᠨ ᠬᠦᠨᠲᠦᠯᠡᠬᠦ ᠮᠣᠩᠭᠣᠯ ᠰᠣᠶᠣᠯ
       ᠵᠠᠬ᠎ᠠ ᠦᠭᠡᠢ ᠬᠣᠷᠸ᠋᠎ᠠ ᠶ᠋ᠢᠨ ᠮᠥᠩᠬᠡ ᠶ᠋ᠢᠨ ᠬᠣᠶ᠋ᠢᠮᠣᠷ ᠃
 ᠡᠲᠦᠷ ᠲᠤᠵᠢ ᠳ᠋ᠤ᠌ ᠪᠠᠨ ᠡᠮᠦᠰᠬᠦ ᠬᠤᠪᠴᠠᠯᠠᠬ᠋᠎ᠠ
 ᠦᠲᠡᠰᠢ ᠶ᠋ᠢᠨ ᠤᠨᠲᠠᠯᠬ᠋᠎ᠠ ᠳ᠋ᠤ᠌ ᠬᠥᠨᠵᠢᠯᠡ ᠬᠤᠴᠢᠯᠬ᠋᠎ᠠ ᠂
 ᠢᠰᠡᠭᠡᠢ ᠲᠤᠭᠤᠷᠭᠠᠲᠠᠨ ᠪ ᠦᠶ᠎ᠡ ᠶ᠋ᠢᠨ ᠦᠶ᠎ᠡ ᠶ᠋ᠢ
 ᠥᠰᠬᠡᠵᠦ ᠬᠥᠮᠦᠵᠢᠭᠦᠯᠬᠦ ᠮᠣᠩᠭᠣᠯ ᠬᠣᠷᠸ᠋᠎ᠠ ᠃
     ᠲᠥᠯ ᠮᠠᠯ ᠳ᠋ᠤ᠌ ᠠᠵᠢᠯ ᠦ᠋ᠨ ᠬᠤᠪᠴᠠᠰᠤ
     ᠲᠥᠷᠥ ᠶ᠋ᠢᠨ ᠶᠣᠰᠣᠯᠠᠯ ᠳ᠋ᠤ᠌ ᠵᠠᠰᠠᠯ ᠦ᠋ᠨ ᠵᠢᠰᠦ ᠂
     ᠲᠦᠮᠡᠨ ᠦᠶ᠎ᠡ ᠦᠷ᠎ᠡ ᠳ᠋ᠤ᠌ ᠪᠠᠨ ᠤᠯᠠᠮᠵᠢᠯᠠᠬᠤ
     ᠲᠥᠷᠥᠯᠬᠢ ᠮᠠᠨ ᠪ ᠮᠣᠩᠭᠣᠯ ᠳᠡᠪᠡᠯ !


(1) ᠲᠤᠰ ᠵᠣᠬᠢᠶᠠᠯ ᠊ᠢ 《 ᠥᠨᠢᠷ ᠴᠡᠴᠡᠭ 》 ᠰᠡᠤᠠᠬᠦᠯ ᠦ᠋ᠨ 1994  ᠣᠨ ᠪ 10 ᠎ᠳ᠋ᠤᠭᠠᠷ ᠬᠤᠭᠤᠴᠠᠬ᠋᠎ᠠ ᠠ᠋ᠴᠠ ᠰᠣᠩᠭᠣᠪᠠ ᠃
 ᠠᠩᠬ᠎ᠠ ᠵᠡᠷᠭᠡ ᠶ᠋ᠢᠨ ᠳᠤᠮᠳᠠᠳᠤ ᠰᠤᠷᠭᠠᠭᠤᠯᠢ  ᠶ᠋ᠢᠨ ᠰᠤᠷᠤᠭᠴᠢᠳ ᠦ᠋ᠨ ᠨᠡᠮᠡᠯᠲᠡ ᠤᠩᠰᠢᠭᠤ   ᠳᠣᠯᠣᠳᠤᠭᠠᠷ ᠣᠨ ( ᠳᠡᠭᠡᠳᠦ  )  ᠠ᠋ᠴᠠ ᠬᠠᠭᠤᠯᠪᠠ ᠃

          ᠬᠠᠭᠤᠯᠤᠭᠰᠠᠨ ᠨᠢ ᠄ ᠮᠢᠩᠭᠠᠳ ᠂ ᠴᠢᠮᠡᠭ
           ᠬᠢᠨᠠᠭᠰᠠᠨ ᠨᠢ ᠄ ᠬᠠᠲᠠᠴᠢ ᠂  ᠤᠷᠠᠨ᠎ᠠ