ᠣᠩᠭᠣᠨ ᠲᠩᠷᠢ ᠶᠢᠨ ᠪᠠᠭᠤᠷᠢ (2)- ᠲ ᠂ ᠭᠣᠮᠪᠣᠵᠠᠪ Онгон тэнгрийн буурь (2) - Т ᠂ Гомбожав
ᠣᠩᠭᠣᠨ ᠲᠩᠷᠢ ᠶᠢᠨ ᠪᠠᠭᠤᠷᠢ (2)
ᠡᠪᠳᠡᠷᠬᠡᠢ ᠲᠡᠷᠭᠡ
ᠵᠠᠮ
ᠡᠨᠡ ᠴᠢᠭ᠌ ᠊ᠢ ᠲᠤᠯᠤᠭᠠᠳ ᠴᠢᠮ᠎ᠠ ᠠ᠋ᠴᠠ ᠲᠡᠷᠰᠯᠡᠴᠢᠯᠡ ᠡ
ᠬᠥᠨᠲᠡᠢ ᠶ᠋ᠢᠨ ᠴᠢᠯᠠᠭᠤᠳ ᠊ᠢ ᠳᠡᠪᠢᠵᠦ ᠳᠡᠷᠪᠡᠭᠦᠯᠦᠮᠡᠷ
ᠬᠦᠷᠲᠦᠨ ᠪ ᠴᠢᠨᠢ ᠴᠢᠮᠡᠭᠡ ᠬᠤᠷᠢᠶᠠᠭᠲᠠᠵᠤ ᠤᠨᠠᠬᠤ ᠠᠮᠢᠰᠬᠤᠯ ᠰᠢᠭ᠋ ᠵᠠᠮᠬᠠᠷᠠᠵᠤ
ᠬᠥᠲᠡᠭᠡ ᠮᠢᠨᠢ ᠂ ᠬᠥᠭᠡᠷᠦᠬᠦᠢ —
ᠢᠯᠦᠮ ᠵᠢᠯᠤᠮ ᠪᠣᠯᠴᠢᠯ᠎ᠠ !
ᠬᠡᠭᠡᠰᠦ ᠲᠡᠨᠭᠭᠡᠯᠢᠭ ᠊ᠢ ᠴᠢᠨᠢ ᠣᠷᠢᠶᠠᠴᠠ ᠲᠡᠪᠡᠷᠢᠵᠦ
ᠬᠡᠭᠡᠷ᠎ᠡ ᠶ᠋ᠢᠨ ᠡᠪᠡᠰᠦ ᠪᠠᠬᠠᠲᠠᠶ᠋ᠢᠬᠠᠨ ᠤᠷᠭᠤᠨ᠎ᠠ
ᠬᠡᠨ ᠪ ᠲᠠᠷᠢᠬᠰᠠᠨ ᠪ ᠬᠣᠱᠣᠩᠨᠠᠯ ᠪᠢᠯᠡ ?
ᠬᠦᠨᠲᠦᠬᠡᠨ ᠤᠨᠠᠬᠤ ᠨᠠᠷᠠᠨ ᠪ ᠳᠠᠷᠠᠭᠠᠬᠢ
ᠬᠦᠷᠡᠩ ᠤᠯᠠᠭᠠᠨ ᠲᠩᠷᠢ
ᠬᠥᠮᠦᠨ ᠦ ᠴᠢᠷᠠᠢ ᠶ᠋ᠢ ᠬᠠᠷᠠᠬᠤ ᠠ᠋ᠴᠠ ᠪᠠᠨ ᠵᠣᠪᠠᠭᠰᠠᠨ
ᠬᠥᠭᠰᠢᠨ ᠰᠡᠤᠠᠬᠢᠯ ᠦ᠋ᠨ ᠴᠢᠨᠢ ᠪᠣᠲᠣᠯᠭᠠᠰᠢᠷᠠᠯ ᠴᠦ᠍ ᠪᠢᠯᠢᠤ ?
ᠶᠠᠭᠤ ᠬᠡᠯᠡᠯᠲᠡᠢ ᠭᠡᠵᠢ ᠁
ᠨᠣᠣᠰᠣᠨ ᠪᠠᠩᠵᠠᠯ ᠦ᠋ᠨ ᠬᠣᠷᠮᠣᠶ᠋ᠢᠰ ᠠᠯᠢᠶᠠᠬᠠᠨ ᠳᠡᠷᠪᠡᠯᠵᠡᠬᠦ
ᠨᠠᠮᠲᠠᠷ ᠵᠠᠯᠠᠭᠤᠬᠠᠨ ᠬᠣᠷᠢᠲᠤᠭᠠᠷ ᠵᠠᠭᠤᠨ ᠪ ᠨᠢᠲᠦᠨ ᠳ᠋ᠦ᠍
ᠨᠡᠬᠡᠢ ᠳᠡᠪᠡᠯ ᠦ᠋ᠨ ᠴᠢᠨᠢ ᠡᠯᠪᠡᠭ ᠬᠣᠷᠮᠣᠢ ᠶᠠᠭᠠᠬᠢᠬᠰᠠᠨ ᠥᠯᠴᠢᠷ ᠬᠠᠷᠠᠭᠲᠠᠬᠤ ᠠᠵᠢ
ᠤᠷᠤᠭᠰᠢ ᠪᠠᠨ ᠴᠦ᠍ ᠪᠢᠰᠢ ᠬᠣᠶ᠋ᠢᠰᠢ ᠪᠠᠨ ᠴᠦ᠍ ᠪᠢᠰᠢ ᠡᠨᠡᠬᠡᠨ ᠪᠠᠶ᠋ᠢᠷᠢ ᠳᠡᠭᠡᠷ᠎ᠡ
ᠤᠷᠲᠤ ᠤᠲᠠᠭᠠᠨ ᠡᠲᠦᠷ ᠰᠥᠨᠢ ᠪᠡᠷ ᠮᠢᠨᠴᠦᠭᠦᠷᠡᠨ ᠵᠣᠭᠰᠣᠬᠤ
ᠴᠢᠨᠦ ᠰᠡᠤᠠᠬᠢᠯ ᠶᠠᠭᠠᠬᠢᠬᠰᠠᠨ ᠬᠦᠨᠲᠦ ᠶᠤᠮ ᠳ᠋ᠠ
ᠬᠥᠲᠡᠯᠦᠯ ᠪᠣᠯ ᠠᠮᠢ ᠨᠠᠰᠤ ᠶᠤᠮ
ᠬᠥᠲᠡᠭᠡ ᠪᠡᠨ ᠳᠣᠷᠭᠢᠲᠠᠯ᠎ᠠ ᠳᠣᠪᠲᠣᠯᠬᠤ ᠪᠣᠯ ᠴᠢᠨᠦ
ᠬᠥᠮᠦᠨ ᠬᠣᠷᠸ᠋᠎ᠠ ᠳ᠋ᠦ᠍ ᠡᠵᠡᠯᠡᠭᠰᠡᠨ ᠪ ᠴᠢᠨᠢ ᠥᠮᠴᠢ ᠲᠠᠪᠢᠯᠠᠩ ᠪᠢᠯᠡ
ᠴᠢᠨᠦ ᠬᠠᠷᠠᠴᠠ ᠬᠠᠯᠠᠭᠤᠨ ᠭᠡᠯᠡ ᠴᠦ᠍
ᠲᠡᠷᠡ ᠪᠣᠯ ᠴᠢᠯᠠᠭᠤ ᠶᠤᠮ
ᠨᠡᠪᠴᠢᠬᠦ ᠤᠴᠢᠷ ᠦᠭᠡᠢ ᠡ
ᠴᠢᠲᠥᠷ ᠲᠠᠰᠤᠴᠢᠭᠠᠷᠠᠢ
ᠴᠢᠲᠥᠷ ᠯᠡ ᠲᠠᠰᠤᠴᠢᠭᠠᠷᠠᠢ !
ᠤᠮᠠᠷᠠᠲᠠᠬᠢᠨ —
ᠣᠵᠣᠭᠤᠷᠯᠢᠬ ᠡᠨᠡ ᠪᠡᠯᠴᠢᠭᠡᠷ ᠳᠡᠭᠡᠷ᠎ᠡ
ᠠᠷᠠᠯ ᠡᠷᠭᠦᠬᠦ ᠦᠬᠡᠷ ᠦ᠋ᠳ ᠦ᠋ᠨ
ᠠᠴᠨ ᠡᠪᠡᠷ ᠂ ᠬᠠᠲᠠ ᠣᠷᠣᠮᠲᠠᠨ ᠬᠠᠲᠠᠭᠤᠵᠢᠵᠤ ᠪᠠᠶ᠋ᠢᠨ᠎ᠠ ᠡ
ᠵᠢᠷᠦᠬᠡᠨ ᠣᠪᠣᠬ᠋ᠠ
1
ᠬᠡᠶ᠋ᠢᠮᠣᠷᠢ ᠶ᠋ᠢᠨ ᠴᠢᠨᠢ ᠥᠩᠭᠡᠲᠦ ᠳᠠᠯᠪᠠᠭᠠᠨ ᠳ᠋ᠦ᠍ ᠬᠤᠷᠤᠶ᠋ᠢᠯᠠᠭᠲᠠᠨ —
ᠪᠢ ᠂ ᠬᠡᠪᠲᠡᠷᠢ ᠡᠴᠡ ᠪᠣᠰᠤᠨ᠎ᠠ
ᠬᠠᠩᠭᠠᠢ ᠳ᠋ᠦ᠍ ᠲᠥᠭᠡᠷᠢᠭᠰᠡᠨ ᠲᠡᠮᠡᠭᠡᠳ ᠦ᠋ᠨ ᠴᠤᠪᠤᠬ᠋ᠠ
ᠬᠠᠲᠠᠨ ᠬᠣᠱᠣᠣ ᠱᠣᠪᠣᠯᠵᠠᠭᠤᠯᠵᠤ
ᠬᠠᠷ᠎ᠠ ᠳᠠᠷᠤᠵᠤ ᠰᠠᠭᠤᠭᠰᠠᠨ ᠪᠦᠷᠭᠦᠳ ᠡᠭᠦᠷ ᠡᠴᠡ ᠪᠡᠨ ᠪᠣᠰᠤᠨ᠎ᠠ
ᠬᠠᠭᠠᠷᠠᠭᠰᠠᠨ ᠴᠢᠯᠠᠭᠤ ᠠᠩ ᠶ᠋ᠢᠠᠨ ᠳᠣᠯᠢᠶᠠᠨ ᠪᠥᠳᠥᠨᠰᠢᠵᠤ
ᠬᠠᠷᠪᠤᠭᠠᠨ ᠳᠣᠰᠤᠴᠠ ᠳᠣᠣᠷᠠᠬᠢ ᠴᠤᠭᠤᠷᠤᠬᠠᠢ ᠠᠯᠠᠭᠠᠨ ᠠ᠋ᠴᠠ
ᠬᠠᠯᠠ ᠦᠵᠡᠭᠰᠡᠨ ᠨᠢᠭᠡ ᠪᠣᠲᠣᠯ
ᠴᠢᠯᠠᠭᠤ ᠵᠠᠵᠢᠯᠤᠭᠰᠠᠭᠠᠷ ᠰᠢᠷᠬᠠᠨ ᠠ᠋ᠴᠠ ᠪᠠᠨ ᠪᠣᠰᠤᠨ᠎ᠠ ᠡ
2
ᠢᠷ ᠶ᠋ᠢᠡᠷ ᠶ᠋ᠢᠡᠨ ᠠᠨᠠᠰᠢᠬᠤ ᠴᠢᠯᠠᠭᠤᠳ ᠦ᠋ᠨ ᠲᠣᠬ᠋᠎ᠠ ᠪᠠᠷ
ᠴᠢᠨᠦ ᠲᠦᠪᠰᠢᠨ
ᠢᠨᠢᠶᠡᠨ ᠥᠰᠴᠦ —
ᠮᠢᠨᠦ ᠂ ᠳᠠᠭᠠᠳᠬᠠᠯ ᠳ᠋ᠦ᠍ ᠬᠦᠯᠢᠭᠳᠡᠭᠰᠡᠨ ᠬᠣᠶᠠᠷ ᠭᠠᠷ ᠊ᠢ
ᠮᠠᠩᠬᠠᠨ ᠣᠷᠣᠢ ᠠ᠋ᠴᠠ
ᠲᠩᠷᠢ ᠥᠭᠡᠲᠡ ᠡᠷᠭᠦᠨ᠎ᠡ ᠪᠢᠯᠡ
ᠬᠢᠷᠠᠭᠤ ᠳᠠᠷᠤᠭᠰᠠᠨ ᠲᠠᠯ᠎ᠠ ᠳᠡᠭᠡᠷᠡᠬᠢ
ᠬᠢᠯᠠᠭᠠᠨ᠎ᠠ ᠨᠤᠭᠤᠳ ᠦ᠋ᠨ ᠨᠢᠷᠤᠭᠤ ᠶ᠋ᠢ
ᠬᠢᠶᠠᠨ ᠣᠮᠣᠭ ᠶ᠋ᠢᠠᠷ ᠳᠥᠰᠢᠨ
ᠬᠠᠷᠠᠬ᠋᠎ᠠ ᠡᠭᠴᠡ ᠴᠢᠭᠯᠡᠯ ᠵᠦᠭ
ᠬᠠᠪᠤᠷ ᠦ᠋ᠨ ᠣᠢ ᠭᠢᠯᠠᠯᠵᠠᠭᠤᠯᠤᠨ᠎ᠠ ᠪᠢᠯᠡ
ᠠᠨᠢᠵᠤ ᠴᠢᠲᠠᠬᠤ ᠦᠭᠡᠢ ᠨᠢᠲᠦᠨ ᠳ᠋ᠦ᠍ ᠂ ᠨᠠᠷᠠ ᠤᠶ᠋ᠢᠷᠠᠬᠠᠨ ᠲᠡᠮᠲᠡᠷᠢᠭᠦᠯᠵᠤ
ᠠᠷᠤ ᠭᠠᠵᠠᠷ ᠦ᠋ᠨ ᠵᠠᠶᠠᠬ᠋᠎ᠠ ᠶ᠋ᠢ
ᠠᠯᠤᠰ ᠮᠠᠷᠭᠠᠰᠢ ᠤᠷᠤᠭᠤ
ᠰᠠᠷᠠᠨ ᠲᠡᠷᠭᠡᠯᠬᠡᠨ ᠪᠦᠪᠠᠶ᠋ᠢᠯᠠᠨᠠ ᠪᠢᠯᠡ ᠡ
3
ᠴᠢᠨᠦ ᠡᠲᠦᠷ ᠥᠷᠥᠨ
ᠥᠨᠲᠦᠷᠰᠢᠨ ᠪᠣᠰᠬᠤ
ᠰᠡᠭᠦᠲᠡᠷ ᠦᠭᠡᠢ ᠴᠣᠭᠴᠠ ᠶ᠋ᠢ ᠴᠢᠨᠢ ᠣᠷᠢᠶᠠᠨ
ᠥᠩᠭᠡᠲᠦ ᠲᠦᠮᠡᠨ ᠮᠡᠴᠢᠳ ᠠᠯᠲᠠᠨ ᠴᠠᠭᠠᠷᠢᠬ ᠲᠠᠲᠠᠨ᠎ᠠ
ᠲᠡᠷᠡ ᠪᠣᠯ
ᠲᠥᠪ ᠲᠦ ᠲᠡᠮᠡᠦᠯᠬᠦ ᠬᠦᠴᠦᠨ ᠪ ᠣᠷᠤᠰᠬᠤ ᠳᠤᠲᠤᠮ ᠰᠢᠷᠦᠭᠦᠰᠬᠦ
ᠲᠡᠣᠬᠡᠨ ᠴᠢᠭᠯᠡᠯ ᠦ᠋ᠨ ᠦᠶᠡᠷ ᠯᠠ ᠶᠤᠮ ᠳ᠋ᠠ !
ᠮᠢᠨᠦ ᠤᠬᠢᠯᠠᠯ ᠢᠨᠢᠶᠡᠯ ᠦ᠋ᠨ
ᠡᠷᠭᠢᠴᠡᠬᠦ ᠭᠠᠭᠴᠠᠬᠠᠨ ᠳᠤᠪᠴᠢ
ᠵᠢᠷᠦᠬᠡᠨ ᠣᠪᠣᠬ᠋ᠠ ᠮᠢᠨᠢ ᠠ᠋ ᠁
1988.6.29 —7.17
ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌
< ᠢᠷᠡᠬᠦ ᠵᠠᠭᠤᠨ ᠤ ᠬᠣᠩᠬᠣᠨ ᠳᠠᠭᠤᠨ > ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ ᠄ ᠪᠠᠭᠠᠲᠤᠷ
ᠬᠢᠨᠠᠭᠴᠢ ᠄ ᠴᠣᠯᠮᠣᠨᠲᠤᠶᠠᠭ᠎ᠠ
2023 ᠂ 5 ᠂ 9 ᠪ ᠡᠲᠦᠷ
