ᠣᠩᠭᠣᠨ ᠲᠩᠷᠢ ᠶ᠋ᠢᠨ ᠪᠠᠭᠤᠷᠢ - ᠲ ᠂ ᠭᠣᠮᠪᠣᠵᠠᠪ Онгон тэнгрийн буурь - Т ᠂ Гомбожав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠩᠭᠣᠨ ᠲᠩᠷᠢ ᠶ᠋ᠢᠨ ᠪᠠᠭᠤᠷᠢ - ᠲ ᠂ ᠭᠣᠮᠪᠣᠵᠠᠪ Онгон тэнгрийн буурь - Т ᠂ Гомбожав

ᠣᠩᠭᠣᠨ ᠲᠩᠷᠢ ᠶ᠋ᠢᠨ ᠪᠠᠭᠤᠷᠢ - ᠲ ᠂ ᠭᠣᠮᠪᠣᠵᠠᠪ Онгон тэнгрийн буурь - Т ᠂ Гомбожав

2023-05-11

289

ᠣᠩᠭᠣᠨ ᠲᠩᠷᠢ ᠶ᠋ᠢᠨ ᠪᠠᠭᠤᠷᠢ 


 ᠲ ᠂ ᠭᠣᠮᠪᠣᠵᠠᠪ 

 ᠲᠡᠦᠬᠡ ᠶ᠋ᠢᠨ ᠮᠥᠷ ᠳᠡᠭᠡᠷᠡᠬᠢ ᠪᠣᠳᠣᠯᠭᠠᠰᠢᠷᠠᠯ 

ᠥᠴᠥᠭᠡᠳᠦᠷ ᠦ᠋ᠳ 
ᠥᠩᠭᠡᠷᠡᠦ ᠬᠣᠯᠠ ᠪᠢᠰᠢ ᠮᠠᠭᠠᠳ ᠦᠭᠡᠢ 
ᠲᠣᠭᠰᠢᠨ ᠴᠠᠭᠠᠨ ᠠᠶᠤᠩᠭ᠎ᠠ᠂ ᠮᠥᠨ ᠯᠠ 
ᠳᠣᠷᠪᠣᠭ ᠬᠠᠷ᠎ᠠ ᠡᠭᠦᠯᠡᠰ ᠳᠤᠮᠳᠠᠭᠤᠷ ᠴᠠᠬᠢᠯᠵᠠᠵᠤ 
ᠣᠩᠭᠣᠨ ᠦᠶᠡᠷ 
ᠠᠭᠤᠯᠠᠨ ᠮᠠᠩᠨᠠᠢ ᠠᠯᠠᠭᠠᠳᠠᠨ 
ᠣᠪ ᠣᠢᠷᠠᠬᠠᠨ ᠬᠠᠷᠠᠭᠳᠠᠵᠤ ᠮᠡᠳᠡᠬᠦ ᠶᠤᠮ 
ᠭᠡᠶ᠎ᠡ 
ᠲᠤᠩ ᠵᠠᠢᠰ ᠪᠠᠢᠲᠠᠭ ᠨᠢ ᠬᠠᠰᠢᠯᠠ ᠦᠨᠡᠨ ᠶᠤᠮ ᠡ 
ᠨᠠᠷᠠ ᠵᠠᠪᠠᠯ ᠤᠨᠠᠳᠠᠭ ᠨᠢ 
ᠵᠢᠮ᠎ᠡ ᠶᠣᠰᠣ ᠪᠢᠰᠢ ᠴᠤ᠌ ᠮᠠᠭᠠᠳ ᠦᠭᠡᠢ 
ᠨᠠᠭᠠᠨᠠᠬᠢ ᠨᠢ ᠬᠠᠷᠢᠨ 
ᠲᠤᠯᠵᠤ ᠵᠣᠭᠰᠣᠬᠤ ᠨᠢᠷᠤᠭᠤ ᠦᠭᠡᠢ ᠳ᠋ᠡᠭᠡᠨ ᠯᠠ 
ᠲᠡᠭᠡᠵᠦ ᠲᠠᠢᠤᠠᠬᠤᠷᠠᠲᠠᠭ ᠪᠣᠯᠵᠣᠰᠢ ᠦᠭᠡᠢ 
ᠲᠡᠭᠡᠶ᠎ᠡ᠂ ᠰᠦᠨᠢ ᠶ᠋ᠢᠨ ᠬᠠᠷᠠᠩᠭᠤᠢ ᠪᠣᠯ ᠬᠠᠰᠢᠯᠠ 
ᠨᠠᠷᠠᠨ ᠳ᠋ᠤ᠌ ᠬᠠᠪᠢᠷᠤᠭᠰᠠᠨ ᠢᠷᠲᠦ ᠰᠢᠳᠦᠨ ᠪ ᠬᠠᠵᠠᠯᠲᠠ ᠶᠤᠮ ᠳ᠋ᠠᠭ 
ᠳ᠋ᠧᠩ ᠪᠣᠯ ᠪᠡᠶ᠎ᠡ ᠬᠠᠮᠠᠭᠠᠯᠠᠬᠤ ᠵᠡᠪᠰᠡᠭ ᠪᠢᠯᠡ 
ᠵᠡᠭᠦᠳᠦᠨ ᠪ ᠪᠡᠨ ᠳᠣᠲᠣᠷᠠᠬᠢ ᠰᠠᠷᠠᠨ ᠳ᠋ᠤ᠌ ᠨᠣᠮ ᠤᠩᠰᠢᠬᠤ 
ᠵᠡᠷᠭᠡᠯᠭᠡᠨ ᠳᠡᠭᠡᠷᠡᠬᠢ ᠪᠡᠯᠴᠢᠭᠡᠷ ᠲᠦ᠍ ᠰᠦᠷᠦᠭ ᠬᠠᠷᠢᠭᠤᠯᠬᠤ᠁ 
ᠡᠨᠡ ᠪᠦᠬᠦᠨ ᠪᠣᠯ᠂ ᠪᠣᠷᠣᠭᠠᠯᠠᠵᠤ ᠴᠢᠳᠠᠳᠠᠭ ᠦᠭᠡᠢ ᠡᠭᠦᠯᠡ ᠪᠢᠯᠡ 
ᠠᠰᠠᠭᠤᠯᠲᠠ ᠶ᠋ᠢᠨ ᠬᠠᠷ᠎ᠠ ᠲᠡᠮᠳᠡᠭ ᠪᠣᠯ 
ᠦᠷᠭᠦᠯᠵᠢ ᠳᠡᠯᠪᠡᠴᠡᠯᠲᠡᠢ ᠠᠲ᠋ᠣᠮ 
ᠠᠯᠢ ᠣᠯᠠᠨ ᠨᠢᠳᠦ ᠨᠤᠭᠦᠳ ᠰᠣᠬᠣᠷᠠᠵᠤ ᠮᠠᠩᠨᠠᠢ ᠳᠤᠮᠳᠠᠬᠢ ᠥᠨᠥᠴᠢᠨ ᠨᠢᠳᠦ ᠮᠢᠨᠢ ᠯᠠ ᠭᠡᠷᠡᠯᠲᠦᠬᠦ ᠳ᠋ᠡᠭᠡᠨ ᠵᠣᠬᠢᠨ᠎ᠠ ᠡ 
ᠥᠩᠭᠡ ᠠᠯᠳᠠᠷ ᠬᠠᠶᠠ ᠳ᠋ᠠᠭᠠᠨ 
ᠡᠷᠭᠦᠵᠦ ᠴᠢᠳᠠᠮ᠎ᠠ ᠪᠢᠰᠢ ᠭᠢᠨᠵᠢ ᠶᠤᠮ 
ᠰᠢᠳᠡᠵᠦ ᠬᠠᠶᠠᠯᠲᠠᠢ ᠡ 
ᠮᠠᠷᠭᠠᠰᠢ ᠨᠤᠭᠤᠳ 
ᠮᠠᠰᠢ ᠣᠢᠷᠠᠬᠠᠨ ᠪᠢᠰᠢ ᠮᠠᠭᠠᠳ ᠦᠭᠡᠢ᠁ 

 ᠣᠩᠭᠣᠨ ᠲᠩᠷᠢ ᠶ᠋ᠢᠨ ᠪᠠᠭᠤᠷᠢ 

ᠶᠡᠷᠡ ᠶᠢᠰᠦᠨ ᠳᠡᠭᠲᠡᠷ ᠴᠢᠯᠠᠭᠤᠨ ᠢᠨᠳᠡᠷ
ᠡᠨᠡ ᠶ᠋ᠢᠨ ᠲᠣᠭᠠᠯᠠᠯ ᠤ᠋ᠨ ᠡᠰᠡᠷᠭᠦ ᠴᠢᠭᠯᠡᠯᠲᠦ ᠱᠠᠲᠤᠨ ᠤ᠋
ᠡᠷᠬᠢᠰ ᠥᠨᠳᠥᠷ ᠣᠷᠣᠢ ᠳ᠋ᠤ᠌
ᠠᠷᠪᠠᠨ ᠭᠤᠷᠪᠠᠳᠤᠭᠠᠷ ᠵᠠᠭᠤᠨ ᠤ᠋ ᠣᠩᠭᠣᠨ ᠲᠩᠷᠢ ᠴᠡᠩᠬᠡᠷᠯᠡᠨ᠎ᠡ ᠪᠢᠯᠡ
ᠡᠷᠭᠢᠵᠦ ᠬᠠᠷᠠᠬᠤ ᠳᠤᠷ᠎ᠠ ᠦᠭᠡᠢ ᠲᠩᠷᠢᠯᠢᠭ ᠡᠷ᠎ᠡ ᠶ᠋ᠢᠨ
ᠢᠰᠬᠡᠷᠴᠦ ᠵᠣᠭᠰᠣᠭᠰᠠᠨ ᠡᠨᠡ ᠪᠠᠢᠷᠢ
ᠡᠷ᠎ᠡ ᠶ᠋ᠢᠨ ᠪᠣᠳᠣᠯ ᠮᠠᠴᠤᠵᠤ ᠬᠦᠷᠦᠮ᠎ᠡ ᠦᠭᠡᠢ ᠥᠨᠳᠥᠷ
ᠡᠬᠡ ᠭᠠᠵᠠᠷ ᠤ᠋ᠨ ᠨᠢᠷᠤᠭᠤ ᠬᠣᠲᠣᠯᠵᠠᠮ᠎ᠠ ᠰᠦᠮᠪᠦᠷ ᠪᠠᠢᠨ᠎ᠠ
ᠤᠮᠠᠷᠠᠳᠠᠬᠢᠨ ᠤ᠋
ᠤᠯᠠ ᠵᠤᠵᠠᠭᠠᠨ ᠮᠥᠰᠥᠨ ᠳᠣᠣᠷ᠎ᠠ ᠡᠴᠡ
ᠠᠮᠢ ᠴᠢᠰᠤ ᠪᠠᠷ ‍ᠢᠶ᠋ᠠᠨ ᠪᠥᠭᠡᠯᠵᠢᠵᠦ ᠪᠣᠰᠤᠭᠰᠠᠨ
 ᠪᠤᠭᠤᠷᠤᠯ ᠬᠠᠩᠭᠠᠢ ᠶ᠋ᠢᠨ ᠠᠮᠢᠰᠬᠤᠯ ᠂ ᠡᠨᠳᠡ ᠬᠦᠷᠴᠢᠭᠢᠨᠡᠵᠦ
ᠦᠬᠦᠵᠦ ᠰᠡᠬᠡᠬᠦ ᠵᠠᠶᠠᠭᠠᠨ ᠤ᠋
ᠦᠰᠦ ᠬᠠᠲᠠᠭᠤ ᠪᠠᠷᠲᠠᠭᠠᠨ ᠳᠡᠭᠡᠭᠦᠷ
ᠬᠠᠳᠠ ᠴᠠᠪᠴᠢᠨ ᠳᠣᠪᠲᠣᠯᠵᠤ ᠶᠠᠪᠤᠭᠰᠠᠨ ᠂ ᠪᠥᠷᠲᠡ ᠴᠢᠨᠣ᠎ᠠ ᠶ᠋ᠢᠨ ᠲᠤᠭᠤᠷᠠᠢ
ᠡᠨᠳᠡ ᠳᠦᠩᠭᠦᠷ ᠳᠦᠩᠭᠦᠷ ᠰᠣᠨᠣᠰᠳᠠᠨ᠎ᠠ
ᠡᠪᠦᠭᠡᠨ ᠬᠤᠷᠮᠤᠰᠲᠠ ᠶ᠋ᠢᠨ ᠣᠩᠭᠣᠨ ᠰᠠᠬᠠᠯ
ᠥᠨᠳᠥᠷ ᠦ᠋ᠨ ᠳᠡᠭᠡᠭᠦᠷ ᠨᠠᠮᠢᠯᠵᠠᠬᠤ
ᠲᠣᠭᠰᠢᠨ ᠬᠠᠷ᠎ᠠ ᠰᠦᠯᠳᠡ
 ᠡᠭᠦᠯᠡᠨ ᠲᠣᠯᠣᠭᠠᠢ ᠭᠢᠰᠬᠢᠵᠦ ᠵᠣᠭᠰᠣᠬᠤ
 ᠥᠨᠢᠳᠡ ᠶ᠋ᠢᠨ ᠣᠮᠣᠭ ᠬᠤᠷᠤᠢᠯᠠᠨ
ᠥᠭᠡᠳᠡᠷᠬᠡᠭ ᠳᠡᠯᠡᠬᠡᠢ ᠶ᠋ᠢᠨ ᠠᠶᠠᠨ ᠤ᠋ ᠪᠢᠯᠧᠲ
ᠥᠩᠭᠡ ᠶ᠋ᠢᠨ ᠣᠬᠢ ᠪᠠᠷ ᠭᠢᠯᠠᠯᠵᠠᠬᠤ
ᠠᠯᠲᠠᠨ ᠵᠢᠯᠤᠭᠤᠨ ᠡᠭᠡᠮᠡᠯ
 ᠬᠣᠯᠠ ᠢᠷᠡᠭᠡᠳᠦᠢ ᠶ᠋ᠢᠨ ᠮᠠᠩᠨᠠᠢ ᠦᠨᠦᠰᠬᠦ
 ᠬᠣᠩᠭᠣᠷ ᠰᠡᠳᠬᠢᠯ ᠳᠠᠯᠠᠯᠤᠨ ᠁
ᠡᠨᠡ ᠳᠠᠷᠬᠠᠨ ᠪᠠᠭᠤᠷᠢ ᠶ᠋ᠢᠨ
ᠡᠯᠢᠭᠡᠨ ᠰᠤᠳᠠᠰᠤ ᠂ ᠯᠤᠩ ᠯᠤᠩ ᠯᠤᠭᠰᠢᠨ᠎ᠠ ᠪᠢᠯᠡ
ᠮᠢᠩᠭᠠᠨ ᠨᠠᠰᠤᠲᠠᠢ ᠥᠯᠴᠢᠷ ᠦᠭᠡᠰ 
ᠮᠥᠨ ᠯᠡ ᠥᠲᠡᠯᠬᠦ ᠦᠭᠡᠢ
ᠬᠥᠷᠥᠰᠥ ᠴᠣᠭᠣᠯᠤᠨ ᠵᠠᠯᠠᠭᠤᠬᠠᠨ ᠬᠠᠯᠢᠭᠤᠷᠠᠵᠤ 
ᠬᠥᠮᠦᠨ ᠠᠮᠢᠳᠤᠷᠠᠯ ᠤ᠋ᠨ ᠨᠢᠭᠡᠨ ᠶᠣᠰᠣ ᠶ᠋ᠢ
ᠬᠥᠳᠡᠭᠡ ᠴᠡᠯᠭᠡᠷᠡᠲᠡᠯ᠎ᠡ ᠶᠠᠷᠢᠨ 
 ᠡᠷᠲᠡ ᠪᠠ ᠡᠳᠦᠭᠡ ᠶ᠋ᠢ 
ᠳᠥᠷᠥᠭᠡ ᠱᠦᠷᠭᠦᠭᠡᠨ ᠠᠭᠤᠯᠵᠠᠭᠤᠯᠵᠤ ᠪᠠᠢᠨ᠎ᠠ
ᠲᠠᠷᠢᠬᠢ ᠤᠷᠤᠭᠤ ᠂ ᠭᠠᠳᠠᠭᠰᠢ ᠶᠡᠭᠦᠯᠡᠬᠦ ᠰᠠᠨᠠᠭᠠᠨ ᠤ᠋ ᠬᠢᠨᠢ
ᠲᠦᠮᠡᠨ ᠳᠤᠰᠤᠯ ᠴᠢᠰᠤ ᠬᠠᠩᠭᠠᠨ
ᠲᠡᠤᠬᠡ ᠶ᠋ᠢᠨ ᠠᠮᠢᠳᠤ ᠵᠢᠷᠦᠬᠡ ᠡᠷᠴᠢᠲᠡᠢᠬᠡᠨ ᠴᠣᠬᠢᠯᠵᠤ
ᠲᠤᠭᠤᠷᠭᠠᠨ ᠮᠠᠯᠠᠭᠠᠢ ᠶ᠋ᠢᠨ ‍ᠢᠶ᠋ᠠᠨ ᠰᠠᠷᠠᠪᠴᠢᠨ ᠳᠣᠭᠤᠤᠷ ᠠᠯᠤᠰ ᠢ᠋ ᠪᠠᠷᠠᠯᠠᠭᠰᠠᠨ ᠬᠠᠷᠠᠴᠠ
ᠠᠷᠤ ᠭᠠᠵᠠᠷ ᠤ᠋ᠨ ᠴᠢᠭᠯᠡᠯ ᠢ᠋ ᠵᠠᠯᠠᠬᠤ ᠵᠢᠯᠣᠭᠣ
ᠠᠯᠲᠠᠨ ᠤᠷᠤᠭ ᠤ᠋ᠨ ᠰᠡᠳᠬᠢᠯ ᠢ᠋ ᠭᠠᠩᠨᠠᠬᠤ ᠵᠣᠷ
ᠢᠷᠡᠭᠡᠳᠦᠢ ᠶ᠋ᠢᠨ ᠵᠡᠭᠦᠳᠦ ᠶ᠋ᠢ ᠤᠭᠵᠢᠵᠤ ᠮᠡᠨᠳᠦᠯᠡᠭᠦᠯᠬᠦ
ᠢᠲᠡᠭᠡᠯ ᠬᠠᠲᠠᠭᠤ ᠬᠥᠬᠥ
ᠢᠪᠢᠯᠦᠩᠬᠡᠨ ᠳᠡᠩᠬᠡᠢᠵᠦ ᠪᠠᠢᠨ᠎ᠠ ᠡ
ᠶᠡᠷᠡ ᠶᠢᠰᠦᠨ ᠳᠡᠭᠲᠡᠷ
ᠡᠨᠡ ᠴᠢᠯᠠᠭᠤᠨ ᠢᠨᠳᠠᠷ ᠥᠨᠳᠥᠷ ᠪᠢᠰᠢ
ᠶᠡᠬᠡ ᠠᠯᠳᠠᠷ ‍ᠢᠶ᠋ᠠᠷ ‍ᠢᠶ᠋ᠠᠨ ᠪᠤᠳᠤᠯ ᠲᠦᠰᠢᠬᠦ
ᠠᠷᠪᠠᠨ ᠭᠤᠷᠪᠠᠳᠤᠭᠠᠷ ᠵᠠᠭᠤᠨ ᠤ᠋
ᠣᠩᠭᠣᠨ ᠲᠩᠷᠢ ᠶ᠋ᠢᠨ ᠪᠠᠭᠤᠷᠢ ᠮᠢᠨᠢ ᠯᠡ
 ᠪᠢᠰᠢᠷᠡᠯ —
 ᠮᠡᠬᠦᠰᠳᠡᠮ᠎ᠡ —
ᠥᠨᠳᠥᠷ ᠪᠠᠢᠨ᠎ᠠ ᠡ !