ᠥᠨᠳᠥᠷ ᠠᠭᠤᠯᠠ ᠰᠣᠨᠣᠰᠴᠤ ᠪᠠᠢӨндөр уул сонсож бай
ᠥᠨᠳᠥᠷ ᠠᠭᠤᠯᠠ ᠰᠣᠨᠣᠰᠴᠤ ᠪᠠᠢ
ᠮᠠᠨᠠᠨ ᠤ᠋ ᠳᠡᠭᠡᠭᠦᠷ
ᠮᠠᠭᠰᠢᠭᠠᠳ ᠪᠠᠶ᠋ᠢᠲᠠᠭ ᠨᠢ
ᠮᠠᠨ ᠤ᠋ ᠨᠤᠲᠤᠭ ᠤ᠋ᠨ ᠥᠨᠳᠥᠷ ᠠᠭᠤᠯᠠ
᠃
ᠮᠠᠯ ᠤ᠋ᠨ ᠡᠪᠡᠷ ᠰᠢᠭ ᠦᠵᠦᠭᠦᠷ
ᠨᠢ ᠰᠡᠷᠡᠶ᠋ᠢᠭᠡᠳ
ᠮᠠᠨᠤᠰ ᠊ᠢ ᠲᠣᠭᠣᠬᠤ
ᠦᠭᠡᠢ ᠥᠩᠭᠡᠶ᠋ᠢᠵᠦ ᠪᠠᠶ᠋ᠢᠨ᠎ᠠ ᠃
ᠡᠭᠦᠯᠡᠨ ᠦ᠌ ᠳᠡᠭᠡᠭᠦᠷ ᠥᠨᠳᠡᠯᠵᠡᠭᠡᠳ ᠪᠠᠶ᠋ᠢᠲᠠᠭ ᠨᠢ
ᠥᠪᠡᠷ ᠦ᠋ᠨ ᠨᠤᠲᠤᠭ ᠤ᠋ᠨ ᠮᠢᠨᠢ
ᠲᠣᠮᠣ ᠠᠭᠤᠯᠠ ᠃
ᠦᠵᠦᠭᠦᠷ ᠲᠡᠢ ᠵᠢᠳᠠ ᠰᠢᠭ᠋ ᠣᠷᠭᠢᠯ
ᠨᠢ ᠱᠣᠪᠣᠶ᠋ᠢᠭᠠᠳ
ᠦᠯᠦ
ᠣᠶ᠋ᠢᠰᠢᠶᠠᠮᠠ ᠶᠠᠩᠵᠤ ᠪᠠᠷ ᠡᠷᠲᠡᠶ᠋ᠢᠵᠦ ᠪᠠᠶ᠋ᠢᠨ᠎ᠠ ᠃
ᠥᠨᠳᠥᠷ ᠠᠭᠤᠯᠠ ᠠ᠋ ᠂
ᠰᠣᠨᠣᠰᠴᠤ ᠪᠠᠢ
ᠥᠩᠭᠡᠷᠡᠦ
ᠪᠢᠲᠡᠭᠡᠢ ᠶᠡᠬᠡᠷᠬᠡᠭᠡᠳ ᠯᠡ ᠪᠠᠢ ᠃
ᠦᠰᠦᠭ ᠦ᠋ᠨ ᠨᠢᠷᠤᠭᠤᠨ ᠳ᠋ᠤ᠌ ᠵᠠᠶ᠋ᠢᠲᠠᠯᠠᠪᠠᠯ ᠪᠢ
ᠥᠯᠮᠡᠢ
ᠳᠣᠣᠷ᠎ᠠ ᠪᠠᠨ ᠴᠢᠮᠠᠶ᠋ᠢ
ᠵᠢᠷᠣᠭᠠᠯᠠᠭᠤᠯᠤᠨᠠ ᠳᠠ !
ᠦᠰᠦᠭ ᠠᠮᠢᠯᠠᠭᠤᠯᠤᠭᠴᠢ ᠄ ᠱᠠᠭᠰᠠᠯ
ᠬᠢᠨᠠᠭᠴᠢ ᠄ ᠣᠤᠠᠬᠠᠨᠰᠣ ᠠ᠋ ᠠᠯᠲᠠᠨ ᠠᠭᠤᠯᠠ
