ᠪᠦᠪᠡᠢ ᠶ᠋ᠢᠨ ᠳᠠᠭᠤᠤ - ᠴ · ᠳᠠᠮᠳᠢᠨᠰᠦ᠋ᠷᠦᠩ Бүүвэйн дуу - Ч · Дамдинсүрэн
ᠪᠦᠪᠡᠢ ᠶ᠋ᠢᠨ ᠳᠠᠭᠤᠤ
ᠴ · ᠳᠠᠮᠳᠢᠨᠰᠦ᠋ᠷᠦᠩ
ᠪᠥᠭᠡᠬᠡᠨ ᠭᠡᠭᠡ ᠲᠠᠰᠤᠷᠠᠵᠤ
ᠪᠦᠷᠦᠩᠬᠦᠢ ᠦᠲᠡᠰᠢ ᠪᠣᠯᠵᠠᠢ
ᠪᠦᠭᠦᠲᠡ ᠠᠮᠢᠲᠠᠨ ᠠᠮᠠᠷᠠᠵᠤ
ᠪᠦᠷᠢᠨ ᠲᠡᠭᠦᠰ ᠤᠨᠲᠠᠵᠠᠢ
ᠪᠦᠯᠲᠡᠭᠡᠷ ᠬᠦᠦ ᠮᠢᠨᠢ ᠤᠨᠲᠠ ᠳ᠋ᠠ
ᠪᠦᠪᠡᠢ ᠪᠦᠪᠡᠢ ᠪᠦᠪᠡᠢ ᠃
ᠲᠤᠤᠯᠠ ᠭᠣᠣᠯ ᠦ᠋ᠨ ᠪᠤᠷᠭᠠᠰᠤᠨ ᠳ᠋ᠦ᠍
ᠲᠠᠤᠯᠠᠢ ᠶ᠋ᠢᠨ ᠪᠥᠵᠥᠩ ᠬᠠᠷᠢᠵᠠᠢ
ᠲᠣᠨᠲᠣᠭᠣᠷ ᠪᠡᠶ᠎ᠡ ᠪᠡᠨ ᠡᠪᠬᠡᠵᠦ
ᠲᠤᠭᠲᠤᠶ᠋ᠢᠵᠤ ᠬᠡᠪᠲᠡᠭᠡᠳ ᠤᠨᠲᠠᠵᠠᠢ
ᠲᠣᠷᠬᠠᠨ ᠬᠦᠦ ᠮᠢᠨᠢ ᠤᠨᠲᠠ ᠳ᠋ᠠ
ᠪᠦᠪᠡᠢ ᠪᠦᠪᠡᠢ ᠪᠦᠪᠡᠢ ᠃
ᠬᠠᠶᠠᠭᠠᠨ ᠳ᠋ᠦ᠍ ᠪᠠᠶ᠋ᠢᠬ᠋᠎ᠠ ᠬᠠᠰᠢᠶᠠᠨ ᠳ᠋ᠦ᠍
ᠬᠠᠯᠵᠠᠨ ᠬᠤᠷᠠᠬ᠋ᠠ ᠬᠡᠪᠲᠡᠵᠦ ᠪᠠᠶ᠋ᠢᠨ᠎ᠠ
ᠬᠠᠷ᠎ᠠ ᠰᠠᠶ᠋ᠢᠬᠠᠨ ᠨᠢᠲᠦ ᠪᠡᠨ
ᠬᠠᠮᠬᠢᠵᠤ ᠠᠨᠢᠭᠠᠳ ᠤᠨᠲᠠᠵᠠᠢ
ᠬᠠᠶ᠋ᠢᠷᠠᠲᠤ ᠬᠦᠦ ᠮᠢᠨᠢ ᠤᠨᠲᠠ ᠳ᠋ᠠ
ᠪᠦᠪᠡᠢ ᠪᠦᠪᠡᠢ ᠪᠦᠪᠡᠢ ᠃
ᠡᠪ ᠨᠠᠶ᠋ᠢᠷᠠᠮᠲᠠᠯ ᠊ᠢ ᠰᠠᠬᠢᠬᠤ
ᠡᠷᠬᠢᠮ ᠶᠣᠰᠣ ᠶ᠋ᠢ ᠤᠭᠲᠤᠵᠤ
ᠡᠯᠢᠭᠡᠰᠡᠭ ᠵᠢᠷᠤᠮ ᠶ᠋ᠢᠠᠷ ᠠᠮᠢᠲᠤᠷᠠᠬᠤ
ᠡᠩᠬᠡ ᠴᠠᠭ ᠊ᠢ ᠵᠡᠭᠦᠲᠦᠯᠡᠵᠦ
ᠡᠩᠬᠦᠷᠡᠢ ᠬᠦᠦ ᠮᠢᠨᠢ ᠤᠨᠲᠠ ᠳ᠋ᠠ
ᠪᠦᠪᠡᠢ ᠪᠦᠪᠡᠢ ᠪᠦᠪᠡᠢ ᠃
ᠮᠣᠩᠭᠣᠯ ᠦ᠋ᠨ ᠣᠷᠴᠢᠨ ᠦᠶ᠎ᠡ ᠶ᠋ᠢᠨ ᠤᠷᠠᠨ ᠵᠣᠬᠢᠶᠠᠯ ᠦ᠋ᠨ ᠳᠡᠭᠡᠵᠢᠰ
《 ᠪᠤᠭᠤᠷᠤᠯ ᠢᠵᠢᠢ ᠮᠢᠨᠢ 》 ( ᠴ · ᠳᠠᠮᠳᠢᠨᠰᠦ᠋ᠷᠦᠩ ) ᠡᠴᠡ ᠬᠠᠭᠤᠯᠪᠠ ᠃
ᠦᠰᠦᠭ ᠠᠮᠢᠯᠠᠭᠤᠯᠤᠭᠰᠠᠨ ᠨᠢ ᠄ ᠮᠢᠩᠭᠠᠳ · ᠴᠢᠮᠡᠭ
ᠬᠢᠨᠠᠭᠰᠠᠨ ᠨᠢ ᠄ ᠳ᠋ᠦ᠋ᠩ ᠹᠸᠩ
