ᠳᠠᠮᠤᠰᠦ᠋ᠷᠦᠩ
1
ᠲᠠ ᠪᠢᠳᠡᠨ ᠦ᠌ ᠡᠮᠦᠨ᠎ᠡ ᠳᠡᠯᠭᠡᠭᠳᠡᠵᠦ ᠪᠠᠢᠭ᠎ᠠ《 ᠵᠠᠳᠠᠭᠠᠢ ᠰᠢᠯᠦᠭ ᠦ᠋ᠨ ᠲᠡᠭᠦᠪᠦᠷᠢ 》 ᠪᠣᠯ ᠤᠯᠤᠰ ᠪᠠᠢᠭᠤᠯᠤᠭᠳᠠᠭᠰᠠᠨ ᠠ᠋ᠴᠠ ᠨᠠᠰᠢ᠂ ᠦᠭᠡᠢ ᠂ ᠶᠡᠷᠦᠨᠢ ᠭᠠᠯᠪᠠ ᠳᠡᠯᠡᠬᠡᠢ ᠲᠣᠭᠲᠠᠭᠰᠠᠨ ᠠ᠋ᠴᠠ ᠨᠠᠰᠢ ᠥᠪᠥᠷ ᠮᠣᠩᠭᠣᠯ ᠳ᠋ᠤ᠌ ᠮᠣᠩᠭᠣᠯ ᠬᠡᠯᠡ ᠪᠡᠷ ᠪᠢᠴᠢᠭᠳᠡᠭᠰᠡᠨ ᠵᠠᠳᠠᠭᠠᠢ ᠰᠢᠯᠦᠭ ᠦ᠋ᠨ ᠠᠩᠬᠠᠳᠤᠭᠠᠷ ᠲᠡᠭᠦᠪᠦᠷᠢ ᠪᠣᠯᠬᠤ ᠨᠢ ᠮᠠᠳᠠᠭ ᠦᠭᠡᠢ ᠬᠡᠷᠡᠭ ᠃ ᠡᠨᠡ ᠨᠢ ᠮᠠᠨ ᠣᠷᠣᠨ ᠦ ᠤᠷᠠᠨ ᠵᠣᠬᠢᠶᠠᠯ ᠤ᠋ᠨ ᠬᠦᠷᠢᠶᠡᠯᠡᠩ ᠳ᠋ᠦ᠍ ᠮᠠᠰᠢ ᠰᠢᠨ᠎ᠡ ᠰᠣᠷᠭᠣᠭ ᠂ ᠮᠠᠰᠢ ᠰᠢᠮᠡᠯᠢᠭ ᠠᠮᠲᠠᠷᠬᠠᠨ ᠂ ᠮᠠᠰᠢ ᠭᠣᠶᠣ ᠰᠠᠢᠬᠠᠨ ᠨᠢᠭᠡᠨ ᠪᠤᠲᠠ ᠥᠩᠭᠡᠲᠦ ᠴᠡᠴᠡᠭ ᠨᠡᠮᠡᠭᠳᠡᠭᠰᠡᠨ ᠢ᠋ ᠮᠡᠳᠡᠭᠡᠯᠡᠵᠦ ᠪᠠᠢᠨ᠎ᠠ ᠃
ᠲᠤᠰ ᠲᠡᠭᠦᠪᠦᠷᠢ ᠳ᠋ᠦ᠍ ᠬᠣᠷᠢᠨ ᠵᠣᠬᠢᠶᠠᠭᠴᠢ ᠶ᠋ᠢᠨ ᠵᠠᠭᠤ ᠲᠠᠪᠢ ᠭᠠᠷᠤᠢ ᠤᠷᠲᠤ ᠪᠣᠭᠣᠨᠢ ᠠᠳᠠᠯᠢ ᠦᠭᠡᠢ ᠂ ᠰᠡᠳᠦᠪ ᠮᠠᠲ᠋ᠧᠷᠢᠶᠠᠯ ᠣᠨᠳᠣᠣ ᠣᠨᠳᠣᠣ ᠂ ᠬᠡᠪ ᠨᠠᠮᠪᠠ ᠥᠭᠡᠷ᠎ᠡ ᠥᠭᠡᠷ᠎ᠡ ᠵᠠᠳᠠᠭᠠᠢ ᠰᠢᠯᠦᠭ ᠢ᠋ ᠲᠡᠭᠦᠪᠦᠷᠢᠯᠡᠪᠡ ᠂ ᠲᠤᠰ ᠲᠡᠭᠦᠪᠦᠷᠢ ᠶ᠋ᠢ ᠤᠩᠰᠢᠭᠠᠳ ᠨᠠᠳᠠ ᠭᠤᠷᠪᠠᠨ ᠰᠠᠭᠤᠭᠳᠠᠯ ᠨᠢᠭᠡ ᠵᠣᠷᠢᠭᠵᠢᠯ ᠣᠷᠣᠪᠠ ᠂ ᠭᠤᠷᠪᠠᠨ ᠰᠠᠭᠤᠭᠳᠠᠯ ᠭᠡᠪᠡᠯ ᠄ ᠰᠢᠨ᠎ᠡ ᠰᠣᠷᠭᠣᠭ ᠂ ᠥᠷᠭᠡᠨ ᠭᠦᠨᠵᠡᠭᠡᠢ ᠂ ᠭᠣᠶᠣ ᠰᠠᠢᠬᠠᠨ ᠰᠠᠨᠠᠭᠳᠠᠪᠠ ᠃ ᠨᠢᠭᠡ ᠵᠣᠷᠢᠭᠵᠢᠯ ᠭᠡᠪᠡᠯ ᠄ ᠮᠣᠩᠭᠣᠯ ᠵᠠᠳᠠᠭᠠᠢ ᠰᠢᠯᠦᠭ ᠲᠦ᠍ ᠰᠠᠷᠠᠭᠤᠯ ᠰᠠᠢᠬᠠᠨ ᠢᠷᠡᠭᠡᠳᠦᠢ ᠪᠠᠢᠨ᠎ᠠ ᠂ ᠮᠠᠰᠢ ᠶᠡᠬᠡ ᠡᠷᠡᠮᠡᠯᠵᠡᠯ ᠲᠡᠢ ᠪᠠᠢᠨ᠎ᠠ ᠭᠡᠳᠡᠭ ᠲᠦ᠍ ᠢᠲᠡᠭᠡᠯ ᠲᠡᠭᠦᠰ ᠪᠣᠯᠪᠠ ᠃
ᠰᠢᠨ᠎ᠡ ᠰᠣᠷᠭᠣᠭ ᠭᠡᠵᠦ ᠬᠡᠯᠪᠡᠷᠢ ᠲᠢᠭ ᠰᠢᠨ᠎ᠡ ᠰᠣᠷᠭᠣᠭ ᠂ ᠤᠳᠬ᠎ᠠ ᠠᠭᠤᠯᠭ᠎ᠠ ᠰᠢᠨ᠎ᠡ ᠰᠣᠷᠭᠣᠭ᠂ ᠦᠨᠦᠷ ᠠᠮᠲᠠ ᠰᠢᠨ᠎ᠡ ᠰᠣᠷᠭᠣᠭ ᠢ᠋ ᠵᠢᠭᠠᠵᠤ ᠪᠠᠢᠨ᠎ᠠ ᠃
ᠥᠷᠭᠡᠨ ᠭᠦᠨᠵᠡᠭᠡᠢ ᠭᠡᠵᠦ ᠰᠡᠳᠦᠪ ᠮᠠᠲ᠋ᠧᠷᠢᠶᠠᠯ ᠥᠷᠭᠡᠨ ᠳᠡᠯᠭᠡᠷ᠂ ᠲᠤᠰᠬᠠᠭᠰᠠᠨ ᠠᠮᠢᠳᠤᠷᠠᠯ ᠥᠷᠭᠡᠨ ᠭᠦᠨᠵᠡᠭᠡᠢ᠂ ᠵᠣᠬᠢᠶᠠᠭᠴᠢ ᠵᠢᠨ ᠡᠩᠨᠡᠭᠡ ᠬᠥᠮᠦᠨ ᠣᠯᠠᠨ᠂ ᠬᠡᠪ ᠨᠠᠮᠪᠠ ᠥᠷᠭᠡᠨ ᠳᠡᠯᠭᠡᠷ ᠵᠡᠷᠭᠡ ᠪᠣᠯᠤᠨ᠎ᠠ ᠃
ᠭᠣᠶᠣ ᠰᠠᠢᠬᠠᠨ ᠭᠡᠵᠦ ᠤᠷᠠᠨ ᠰᠠᠨᠠᠭ᠎ᠠ ᠭᠣᠶᠣ ᠰᠠᠢᠬᠠᠨ᠂ ᠤᠶᠠᠩᠭ᠎ᠠ ᠰᠡᠳᠬᠢᠯᠭᠡ ᠭᠣᠶᠣ ᠰᠠᠢᠬᠠᠨ᠂ ᠳᠦᠷᠢ ᠳᠦᠷᠰᠦᠯᠡᠯ ᠭᠣᠶᠣ ᠰᠠᠢᠬᠠᠨ᠂ ᠰᠠᠨᠠᠭ᠎ᠠ ᠠᠬᠤᠢ ᠭᠣᠶᠣ ᠰᠠᠢᠬᠠᠨ᠂ ᠬᠡᠯᠡ ᠬᠡᠯᠡᠯᠭᠡ ᠭᠣᠶᠣ ᠰᠠᠢᠬᠠᠨ ᠵᠡᠷᠭᠡ ᠪᠣᠯᠤᠨ᠎ᠠ ᠃
ᠵᠣᠷᠢᠭᠵᠢᠭᠰᠠᠨ ᠵᠦᠢᠯ ᠭᠡᠪᠡᠯ ᠄ ᠲᠤᠰ ᠲᠡᠭᠦᠪᠦᠷᠢ ᠪᠣᠯ ᠮᠣᠩᠭᠣᠯ ᠵᠠᠳᠠᠭᠠᠢ ᠰᠢᠯᠦᠭ ᠦᠨ ᠤᠤᠭᠠᠨ ᠲᠡᠭᠦᠪᠦᠷᠢ ᠪᠣᠯᠤᠨ᠎ᠠ ᠂ ᠭᠡᠪᠡᠴᠦ ᠲᠡᠭᠦᠨ ᠦ ᠡᠬᠢᠯᠡᠯᠲᠡ ᠶ᠋ᠢᠨ ᠴᠠᠭ ᠨᠢ ᠨᠡᠯᠢᠶᠡᠳ ᠥᠨᠳᠥᠷ ᠂ ᠴᠣᠭᠴᠠᠯᠠᠭᠰᠠᠨ ᠰᠠᠭᠤᠷᠢ ᠨᠢ ᠨᠡᠯᠢᠶᠡᠳ ᠪᠠᠲᠤ ᠂ ᠦᠨᠦᠷ ᠠᠮᠲᠠ ᠨᠢ ᠨᠡᠯᠢᠶᠡᠳ ᠬᠤᠷᠴᠠ ᠂ ᠵᠣᠬᠢᠶᠠᠭᠴᠢ ᠵᠢᠨ ᠡᠩᠨᠡᠭᠡ ᠨᠡᠯᠢᠶᠡᠳ ᠬᠦᠴᠦᠷᠬᠡᠭ ᠂ ᠤᠷᠠᠨ ᠪᠣᠯᠪᠠᠰᠤᠷᠠᠯ ᠨᠡᠯᠢᠶᠡᠳ ᠳᠠᠳᠮᠠᠭᠠᠢ ᠮᠥᠷᠲᠡᠭᠡᠨ ᠲᠤᠰ ᠬᠡᠯᠪᠡᠷᠢ ᠲᠢᠭ ᠪᠣᠯ ᠦᠭᠡᠰ ᠦᠨ ᠰᠠᠩ ᠪᠠᠶᠠᠯᠢᠭ ᠂ ᠢᠯᠡᠳᠬᠡᠬᠦ ᠴᠢᠳᠠᠪᠤᠷᠢ ᠴᠢᠩᠭ᠎ᠠ᠂ ᠠᠢᠵᠠᠮ ᠴᠣᠬᠢᠯᠭ᠎ᠠ ᠲᠣᠳᠣᠷᠬᠠᠢ ᠂ ᠤᠷᠠᠯᠢᠭ ᠰᠠᠢᠬᠠᠨ ᠂ ᠢᠷᠠᠭᠤ ᠬᠥᠭᠵᠢᠮᠯᠢᠭ ᠂ ᠮᠣᠩᠭᠣᠯ ᠬᠡᠯᠡᠨ ᠳ᠋ᠦ᠍ ᠶᠠᠭᠠᠬᠢᠬᠤ ᠠᠷᠭ᠎ᠠ ᠦᠭᠡᠢ ᠠᠶᠠᠲᠠᠢ ᠵᠣᠬᠢᠴᠠᠬᠤ ᠶᠤᠮ ᠪᠠᠢᠨ᠎ᠠ ᠭᠡᠰᠡᠨ ᠢ᠋ ᠦᠵᠡᠭᠦᠯᠪᠡ ᠃ ᠲᠡᠢᠮᠦ ᠳᠦ ᠂ ᠲᠤᠰ ᠲᠡᠭᠦᠪᠦᠷᠢ ᠬᠡᠳᠦᠢᠪᠡᠷ ᠠᠩᠬᠠᠨ ᠦ ᠵᠠᠳᠠᠭᠠᠢ ᠰᠢᠯᠦᠭ ᠤᠨ ᠲᠡᠭᠦᠪᠦᠷᠢ ᠪᠣᠯᠪᠠᠴᠤ ᠥᠩᠭᠡ ᠢᠯᠭᠠᠷᠠᠨ ᠳᠡᠯᠭᠡᠷᠡᠭᠰᠡᠨ ᠂ ᠦᠨᠦᠷ ᠬᠠᠩᠬᠤᠯᠤᠨ ᠪᠠᠳᠮᠠᠯᠠᠭᠰᠠᠨ ᠂ ᠨᠡᠩ ᠣᠯᠠᠨ ᠂ ᠨᠡᠩ ᠰᠠᠢᠬᠠᠨ ᠵᠠᠳᠠᠭᠠᠢ ᠰᠢᠯᠦᠭ ᠢ ᠥᠪᠥᠷ ᠮᠣᠩᠭᠣᠯ ᠦᠨ ᠲᠠᠯ᠎ᠠ ᠨᠤᠲᠤᠭ ᠲᠤ᠌ ᠥᠷᠭᠡᠨ ᠣᠯᠠᠨ ᠲᠦᠮᠡᠨ ᠦ᠌ ᠴᠡᠭᠡᠵᠢᠨ ᠳᠦ ᠠᠪᠴᠢᠷᠠᠵᠤ ᠥᠭᠬᠦ ᠪᠣᠯᠤᠨ᠎ᠠ ᠭᠡᠳᠡᠭ ᠲᠦ᠍ ᠪᠠᠲᠤ ᠢᠲᠡᠭᠡᠵᠦ ᠪᠠᠢᠨ᠎ᠠ ᠃
ᠮᠣᠩᠭᠣᠯ ᠵᠠᠳᠠᠭᠠᠢ ᠰᠢᠯᠦᠭ ᠤᠨ ᠠᠯᠤᠰ ᠢᠷᠡᠭᠡᠳᠦᠢ ᠪᠦᠷ ᠴᠦ᠍ ᠰᠠᠷᠠᠭᠤᠯᠬᠠᠨ ᠂ ᠪᠦᠷ ᠴᠦ᠍ ᠭᠣᠶᠣᠬᠠᠨ !
2
ᠵᠠᠳᠠᠭᠠᠢ ᠰᠢᠯᠦᠭ ᠪᠣᠯ ᠰᠢᠯᠦᠭ ᠪᠠ ᠨᠠᠢᠷᠠᠭᠤᠯᠤᠯ ᠦᠨ ᠬᠣᠭᠣᠷᠣᠨᠳᠣᠬᠢ ᠰᠢᠨ᠎ᠡ ᠬᠡᠯᠪᠡᠷᠢ ᠲᠢᠭ ᠪᠣᠯᠤᠨ᠎ᠠ ᠂ ᠮᠣᠩᠭᠣᠯ ᠬᠡᠯᠡᠨ ᠳᠡᠭᠡᠷ᠎ᠡ ᠪᠠᠢᠲᠤᠭᠠᠢ ᠂ ᠳᠡᠯᠡᠬᠡᠢ ᠵᠢᠨ ᠪᠤᠰᠤᠳ ᠪᠣᠯᠪᠠᠰᠤᠨ ᠤᠯᠤᠰ ᠦᠨᠳᠦᠰᠦᠲᠡᠨ ᠦ᠌ ᠤᠷᠠᠨ ᠵᠣᠬᠢᠶᠠᠯ ᠤᠨ ᠬᠦᠷᠢᠶᠡᠯᠡᠩ ᠳᠤ ᠠᠪᠴᠤ ᠬᠡᠯᠡᠪᠡᠯ ᠲᠡᠷᠡ ᠨᠢ ᠮᠥᠨᠴᠦ ᠨᠢᠯᠬ᠎ᠠ ᠨᠠᠬᠢᠶ᠎ᠠ ᠰᠢᠨ᠎ᠡ ᠰᠣᠶᠣᠭ᠎ᠠ ᠲᠡᠳᠦᠢ ᠪᠣᠯᠬᠤ ᠶᠤᠮ ᠃ ᠥᠪᠥᠷ ᠮᠣᠩᠭᠣᠯ ᠳ᠋ᠤ᠌ ᠮᠣᠩᠭᠣᠯ ᠬᠡᠯᠡᠨ ᠳᠡᠭᠡᠷ᠎ᠡ ᠵᠢᠩᠬᠢᠨᠢ ᠵᠠᠳᠠᠭᠠᠢ ᠰᠢᠯᠦᠭ ᠢᠯᠡᠷᠡᠭᠰᠡᠨ ᠨᠢ 1958 ᠣᠨ ᠳ᠋ᠤ᠌ ᠪ · ᠪᠦᠷᠢᠨᠪᠡᠬᠢ ᠨᠥᠬᠥᠷ ᠡᠴᠡ ᠯᠡ ᠡᠬᠢᠯᠡᠭᠰᠡᠨ ᠪᠢᠯᠡ ᠂ ᠲᠡᠭᠦᠨ ᠡᠴᠡ ᠨᠠᠰᠢ ᠪᠠᠰᠠ ᠬᠣᠷᠢ ᠭᠠᠷᠤᠢ ᠵᠢᠯ ᠪᠣᠯᠵᠤ ᠪᠠᠢᠨ᠎ᠠ ᠃ 《 ᠰᠣᠶᠣᠯ ᠤᠨ ᠶᠡᠬᠡ ᠬᠤᠪᠢᠰᠬᠠᠯ 》 ᠠᠴᠠ ᠡᠮᠦᠨ᠎ᠡ ᠮᠣᠩᠭᠣᠯ ᠬᠡᠯᠡ ᠳᠡᠭᠡᠷ᠎ᠡ ᠵᠠᠳᠠᠭᠠᠢ ᠰᠢᠯᠦᠭ ᠪᠢᠴᠢᠳᠡᠭ ᠨᠢ ᠮᠠᠰᠢ ᠴᠥᠭᠡᠨ ᠬᠡᠳᠦᠬᠡᠨ ᠬᠥᠮᠦᠨ ᠮᠥᠷᠲᠡᠭᠡᠨ ᠲᠣᠭᠠᠨ ᠦ ᠲᠠᠯ᠎ᠠ ᠪᠠᠷ ᠴᠦ᠍ ᠲᠤᠩ ᠴᠥᠭᠡᠨ ᠪᠠᠢᠭᠰᠠᠨ ᠪᠣᠯᠬᠣᠷ ᠡᠨᠡᠬᠦ ᠤᠷᠠᠯᠢᠭ ᠤᠨ ᠤᠷᠤᠰᠬᠠᠯ ᠨᠢ ᠲᠤᠬᠠᠢ ᠶ᠋ᠢᠨ ᠦᠶ᠎ᠡ ᠳ᠋ᠡᠭᠡᠨ ᠭᠣᠷᠣᠬ᠎ᠠ ᠲᠡᠳᠦᠢ ᠯᠡ ᠪᠠᠢᠵᠤ ᠂ ᠨᠡᠩ ᠶᠡᠬᠡ ᠳᠣᠯᠭᠢᠶᠠᠨ ᠳᠠᠪᠠᠯᠭᠠᠨ ᠢ᠋ ᠪᠣᠰᠬᠠᠵᠤ ᠴᠢᠳᠠᠭᠰᠠᠨ ᠦᠭᠡᠢ ᠶᠦ᠍ᠮ ᠃ ᠭᠡᠪᠡᠴᠦ ᠂ ᠨᠢᠭᠡᠨ ᠳᠤᠰᠤᠯ ᠤᠰᠤᠨ ᠢᠶᠠᠷ ᠨᠠᠷᠠᠨ ᠦ ᠲᠤᠶᠠᠭ᠎ᠠ ᠶ᠋ᠢ ᠰᠢᠨᠵᠢᠵᠦ ᠮᠡᠳᠡᠬᠦ ᠰᠢᠭ ᠬᠡᠳᠦᠢᠪᠡᠷ ᠲᠣᠭᠠᠲᠠᠢ ᠬᠡᠳᠦᠬᠡᠨ ᠵᠠᠳᠠᠭᠠᠢ ᠰᠢᠯᠦᠭ ᠪᠣᠯᠪᠠᠴᠤ ᠥᠪᠥᠷ ᠮᠣᠩᠭᠣᠯ ᠤᠨ ᠤᠷᠠᠨ ᠵᠣᠬᠢᠶᠠᠯ ᠤᠨ ᠴᠡᠴᠡᠷᠯᠢᠭ ᠲᠦ᠍ ᠰᠢᠨ᠎ᠡ ᠰᠣᠷᠭᠣᠭ ᠠᠭᠤᠷ ᠠᠮᠢᠰᠬᠤᠯ ᠢ᠋ ᠠᠪᠴᠢᠷᠠᠵᠤ ᠂ ᠰᠢᠨ᠎ᠡ ᠦᠨᠦᠷ ᠠᠮᠲᠠ ᠶ᠋ᠢ ᠨᠡᠮᠡᠷᠢᠯᠡᠭᠰᠡᠨ ᠪᠣᠯᠬᠣᠷ ᠲᠡᠷᠡ ᠳᠠᠷᠤᠢ ᠳ᠋ᠠᠭᠠᠨ ᠤᠩᠰᠢᠭᠴᠢᠳ ᠤ᠋ᠨ ᠠᠩᠬᠠᠷᠤᠯ ᠢ᠋ ᠲᠠᠲᠠᠵᠤ ᠪᠠᠢᠪᠠ ᠃ 《 ᠳᠥᠷᠪᠡᠨ ᠬᠥᠮᠦᠨ ᠦ᠌ ᠪᠦᠯᠦᠭ 》 ᠢ᠋ ᠪᠤᠲᠠ ᠨᠢᠷᠭᠡᠭᠰᠡᠨ ᠡᠴᠡ ᠨᠡᠰᠢ ᠂ ᠢᠯᠠᠩᠭᠤᠶ᠎ᠠ ᠣᠷᠴᠢᠮ ᠤᠨ ᠬᠡᠳᠦᠨ ᠵᠢᠯ ᠵᠠᠳᠠᠭᠠᠢ ᠰᠢᠯᠦᠭ ᠦ᠋ᠨ ᠬᠠᠯᠠᠭᠤᠨ ᠤᠷᠤᠰᠬᠠᠯ ᠦᠶ᠎ᠡ ᠦᠶ᠎ᠡ ᠰᠡᠪᠡᠯᠵᠡᠵᠦ ᠂ ᠡᠨᠡ ᠲᠡᠷᠡ ᠠᠢᠮᠠᠭ ᠬᠣᠲᠠ ᠳ᠋ᠤ᠌ ᠡᠢᠮᠦ ᠲᠡᠢᠮᠦ ᠰᠣᠨᠢᠨ ᠰᠡᠳᠬᠦᠯ ᠳᠡᠭᠡᠷ᠎ᠡ ᠵᠠᠳᠠᠭᠠᠢ ᠰᠢᠯᠦᠭ ᠤᠨ ᠴᠡᠴᠡᠭ ᠭᠠᠵᠠᠷ ᠰᠠᠢ ᠦᠭᠡᠢ ᠳᠡᠯᠭᠡᠷᠡᠬᠦ ᠪᠣᠯᠵᠤ ᠂ ᠰᠢᠨ᠎ᠡ ᠠᠮᠢᠯᠠᠯ ᠢᠶᠡᠨ ᠣᠯᠵᠤ ᠰᠣᠷᠭᠣᠭ ᠦᠨᠦᠷ ᠢᠶᠡᠨ ᠠᠩᠬᠢᠯᠤᠭᠤᠯᠵᠤ ᠪᠠᠢᠨ᠎ᠠ ᠃ ᠣᠳᠣ ᠂ ᠥᠪᠥᠷ ᠮᠣᠩᠭᠣᠯ ᠤ᠋ᠨ ᠲᠠᠯ᠎ᠠ ᠨᠤᠲᠤᠭ ᠳᠡᠭᠡᠷ᠎ᠡ ᠡᠨᠡᠬᠦ ᠰᠣᠷᠭᠣᠭ ᠴᠡᠴᠡᠭ ᠨᠢ ᠨᠠᠷᠠᠨ ᠤ᠋ ᠭᠡᠷᠡᠯ ᠬᠤᠷ᠎ᠠ ᠶ᠋ᠢᠨ ᠰᠢᠮ᠎ᠡ ᠪᠡᠷ ᠮᠠᠰᠢ ᠣᠯᠠᠨ ᠂ ᠮᠠᠰᠢ ᠢᠳᠡᠷᠡᠭᠦᠨ ᠂ ᠮᠠᠰᠢ ᠰᠠᠢᠬᠠᠨ ᠳᠡᠯᠭᠡᠷᠡᠵᠦ ᠪᠠᠢᠨ᠎ᠠ ᠂ ᠲᠡᠭᠦᠨ ᠦ᠌ ᠦᠷ᠎ᠡ ᠵᠢᠮᠢᠰ ᠨᠢ ᠳᠠᠷᠤᠢ ᠡᠦᠲᠦ ᠮᠠᠨ ᠤ᠋ ᠰᠣᠨᠢᠷᠬᠠᠨ ᠤᠩᠰᠢᠵᠤ ᠪᠠᠢᠭ᠎ᠠ 《 ᠵᠠᠳᠠᠭᠠᠢ ᠰᠢᠯᠦᠭ ᠦ᠋ᠨ ᠲᠡᠭᠦᠪᠦᠷᠢ 》 ᠪᠣᠯᠤᠨ᠎ᠠ ᠃ ᠲᠡᠢᠮᠦ ᠡᠴᠡ ᠂ ᠡᠨᠡᠬᠦ ᠲᠡᠭᠦᠪᠦᠷᠢ ᠶ᠋ᠢᠨ ᠬᠠᠮᠤᠭ ᠲᠦᠷᠦᠭᠦᠨ ᠦ᠌ ᠣᠨᠴᠠᠯᠢᠭ ᠪᠣᠯ ᠬᠡᠯᠪᠡᠷᠢ ᠲᠢᠭ ᠦ᠋ᠨ ᠰᠢᠨ᠎ᠡ ᠰᠣᠷᠭᠣᠭ ᠲᠤ᠌ ᠣᠷᠣᠰᠢᠨ᠎ᠠ ᠃
ᠵᠠᠳᠠᠭᠠᠢ ᠰᠢᠯᠦᠭ ᠪᠣᠯ ᠰᠢᠯᠦᠭ ᠪᠠ ᠨᠠᠢᠷᠠᠭᠤᠯᠤᠯ ᠤ᠋ᠨ ᠬᠣᠭᠣᠷᠣᠨᠳᠣᠬᠢ ᠰᠢᠨ᠎ᠡ ᠬᠡᠯᠪᠡᠷᠢ ᠲᠢᠭ ᠪᠣᠯᠬᠣᠷ ᠰᠢᠯᠦᠭ ᠪᠠ ᠨᠠᠢᠷᠠᠭᠤᠯᠤᠯ ᠤ᠋ᠨ ᠠᠯᠢ ᠠᠯᠢᠨ ᠤ᠋ ᠳᠠᠪᠠᠭᠤᠯᠢᠭ ᠲᠠᠯ᠎ᠠ ᠶ᠋ᠢ ᠠᠭᠤᠰᠤᠭᠤᠯᠤᠨ ᠰᠢᠩᠭᠡᠭᠡᠭᠰᠡᠨ ᠪᠠᠢᠬᠤ ᠶᠣᠰᠣᠲᠠᠢ ᠃ ᠵᠠᠳᠠᠭᠠᠢ ᠰᠢᠯᠦᠭ ᠨᠢ ᠰᠢᠯᠦᠭ ᠦ᠋ᠨ ᠦᠨᠦᠷ ᠠᠮᠲᠠ ᠲᠠᠢ ᠮᠥᠷᠲᠡᠭᠡᠨ ᠨᠠᠢᠷᠠᠭᠤᠯᠤᠯ ᠤ᠋ᠨ ᠥᠩᠭᠡ ᠭᠢᠯᠪᠠᠭ᠎ᠠ ᠲᠠᠢ ᠂ ᠭᠡᠲᠡᠯ᠎ᠡ ᠰᠢᠯᠦᠭ ᠲᠡᠢ ᠡᠭᠡᠭᠡ ᠠᠳᠠᠯᠢ ᠪᠢᠰᠢ ᠮᠥᠷᠲᠡᠭᠡᠨ ᠨᠠᠢᠷᠠᠭᠤᠯᠤᠯ ᠲᠠᠢ ᠴᠤ᠌ ᠶᠠᠭ ᠠᠳᠠᠯᠢ ᠪᠢᠰᠢ ᠂ ᠲᠡᠷᠡ ᠪᠣᠯ ᠰᠢᠯᠦᠭ ᠲᠡᠢ ᠣᠢᠷᠠᠯᠴᠠᠭ᠎ᠠ ᠂ ᠨᠠᠢᠷᠠᠭᠤᠯᠤᠯ ᠲᠠᠢ ᠲᠥᠰᠲᠡᠢ ᠂ ᠰᠢᠯᠦᠭ ᠡᠴᠡ ᠢᠯᠡᠭᠦᠦ ᠴᠢᠯᠥᠭᠡᠲᠡᠢ ᠂ ᠰᠢᠯᠦᠭ ᠡᠴᠡ ᠣᠯᠠᠨ ᠪᠣᠯᠤᠮᠵᠢ ᠲᠠᠢ ᠂ ᠨᠠᠢᠷᠠᠭᠤᠯᠤᠯ ᠠ᠋ᠴᠠ ᠴᠢᠩᠭ᠎ᠠ ᠳᠦᠷᠢᠮᠵᠢᠯ ᠲᠡᠢ ᠂ ᠨᠠᠢᠷᠠᠭᠤᠯᠤᠯ ᠠ᠋ᠴᠠ ᠨᠠᠷᠢᠯᠢᠭ ᠪᠦᠲᠦᠴᠡ ᠲᠡᠢ ᠃ ᠲᠡᠷᠡ ᠪᠣᠯ ᠰᠢᠯᠦᠭ ᠪᠠ ᠨᠠᠢᠷᠠᠭᠤᠯᠤᠯ ᠲᠠᠢ ᠴᠢᠰᠤᠨ ᠪᠠᠷᠢᠯᠳᠤᠯᠭ᠎ᠠ ᠲᠠᠢ ᠲᠤᠯᠠ ᠰᠢᠯᠦᠭ ᠦ᠋ᠨ ᠴᠢᠰᠤ ᠲᠡᠭᠦᠨ ᠦ᠌ ᠰᠤᠳᠠᠰᠤᠨ ᠳ᠋ᠤ᠌ ᠯᠤᠭᠰᠢᠵᠤ ᠪᠠᠢᠨ᠎ᠠ ᠂ ᠨᠠᠢᠷᠠᠭᠤᠯᠤᠯ ᠤ᠋ᠨ ᠴᠣᠭᠴᠠ ᠲᠡᠭᠦᠨ ᠦ᠌ ᠮᠠᠬᠠᠪᠣᠳ ᠳᠡᠭᠡᠷ᠎ᠡ ᠡᠷᠴᠢᠯᠡᠵᠦ ᠪᠠᠢᠨ᠎ᠠ ᠃
ᠰᠢᠯᠦᠭ ᠪᠣᠯ ᠬᠤᠷᠴᠠ ᠠᠪᠰᠠᠷᠬᠠᠨ ᠂ ᠪᠢᠯᠬᠠᠮ᠎ᠠ ᠰᠡᠳᠬᠢᠯᠭᠡ ᠲᠡᠢ ᠂ ᠠᠢᠵᠠᠮ ᠴᠣᠬᠢᠯᠭ᠎ᠠ ᠲᠠᠢ ᠂ ᠮᠥᠷ ᠪᠠᠳᠠᠭ ᠲᠠᠢ ᠢᠷᠠᠭᠤ ᠰᠠᠢᠬᠠᠨ ᠤᠷᠠᠯᠢᠭ ᠤ᠋ᠨ ᠪᠦᠲᠦᠭᠡᠯ ᠪᠣᠯᠬᠤ ᠪᠥᠭᠡᠳ ᠤᠷᠠᠨ ᠭᠣᠢᠳᠠ ᠰᠠᠨᠠᠭ᠎ᠠ ᠠᠬᠤᠢ ᠂ ᠲᠤᠩᠭᠠᠨ ᠲᠠᠯᠠᠰᠵᠢᠭᠤᠯᠤᠭᠰᠠᠨ ᠬᠡᠯᠡ ᠬᠡᠯᠡᠯᠭᠡ ᠂ ᠠᠯᠤᠰ ᠭᠦᠨ ᠳᠠᠯᠳᠠ ᠠᠬᠤᠭᠤᠯᠤᠮᠵᠢ ᠂ ᠠᠮᠲᠠᠷᠬᠠᠨ ᠰᠣᠷᠭᠣᠭ ᠳᠦᠷᠢ ᠳᠦᠷᠰᠦᠯᠡᠯ ᠲᠡᠢ ᠪᠠᠢᠬᠤ ᠶ᠋ᠢ ᠱᠠᠭᠠᠷᠳᠠᠨ᠎ᠠ ᠃ ᠡᠨᠡ ᠪᠦᠬᠦᠨ ᠳᠠᠪᠠᠭᠤᠯᠢᠭ ᠲᠠᠯ᠎ᠠ ᠶ᠋ᠢ ᠵᠠᠳᠠᠭᠠᠢ ᠰᠢᠯᠦᠭ ᠴᠦ᠍ ᠠᠳᠠᠯᠢ ᠶᠣᠰᠣᠭᠠᠷ ᠬᠠᠳᠠᠭᠠᠯᠠᠵᠤ ᠪᠠᠢᠨ᠎ᠠ ᠂ ᠡᠨᠡ ᠲᠠᠯ᠎ᠠ ᠪᠠᠷ ᠢ᠋ᠶ᠋ᠠᠨ ᠵᠠᠳᠠᠭᠠᠢ ᠰᠢᠯᠦᠭ ᠨᠢ ᠰᠢᠯᠦᠭ ᠲᠡᠢ ᠣᠢᠷᠠᠯᠴᠠᠭ᠎ᠠ ᠠᠵᠠᠢ ᠃ ᠭᠡᠪᠡᠴᠦ ᠲᠡᠷᠡ ᠪᠣᠯ ᠢᠷᠠᠭᠤ ᠨᠠᠢᠷᠠᠭ ᠤ᠋ᠨ ᠲᠡᠷᠡᠬᠦ ᠲᠣᠭᠲᠠᠮᠠᠯ ᠮᠥᠷ ᠪᠠᠳᠠᠭ ᠂ ᠬᠣᠯᠪᠣᠭ᠎ᠠ ᠭᠢᠰᠬᠢᠴᠡ ᠂ ᠠᠢᠵᠠᠮ ᠴᠣᠬᠢᠯᠭ᠎ᠠ ᠂ ᠬᠡᠯᠪᠡᠷᠢ ᠮᠠᠶᠢᠭ ᠲᠤ᠌ ᠪᠠᠷᠢᠭᠳᠠᠬᠤ ᠦᠭᠡᠢ ᠤᠴᠢᠷ ᠰᠢᠯᠦᠭ ᠡᠴᠡ ᠨᠡᠩ ᠢᠯᠡᠭᠦᠦ ᠥᠷᠭᠡᠨ ᠪᠣᠯᠤᠮᠵᠢ ᠲᠠᠢ ᠪᠠᠷ ᠠᠮᠢᠳᠤᠷᠠᠯ ᠢ᠋ ᠲᠤᠰᠬᠠᠨ ᠂ ᠰᠡᠳᠬᠢᠯᠭᠡ ᠪᠡᠨ ᠤᠶᠠᠩᠭᠠᠯᠠᠵᠤ ᠂ ᠰᠠᠨᠠᠭ᠎ᠠ ᠪᠠᠨ ᠳᠡᠯᠭᠡᠵᠦ ᠪᠣᠯᠬᠤ ᠶᠤᠮ ᠃ ᠡᠨᠡ ᠲᠠᠯ᠎ᠠ ᠪᠠᠷ ᠲᠡᠷᠡ ᠬᠠᠷᠢᠨ ᠨᠠᠢᠷᠠᠭᠤᠯᠤᠯ ᠲᠠᠢ ᠲᠥᠰᠲᠡᠢ ᠪᠠᠢᠨ᠎ᠠ ᠂ ᠭᠡᠲᠡᠯ᠎ᠡ ᠨᠠᠢᠷᠠᠭᠤᠯᠤᠯ ᠢ᠋ ᠪᠣᠳᠣᠪᠠᠯ ᠨᠡᠩ ᠨᠠᠷᠢᠯᠢᠭ ᠂ ᠨᠡᠩ ᠠᠪᠰᠠᠷᠬᠠᠨ ᠂ ᠨᠡᠩ ᠤᠷᠠᠨ ᠪᠠᠢᠬᠤ ᠶᠣᠰᠣᠲᠠᠢ ᠃ ᠲᠡᠢᠮᠦ ᠡᠴᠡ ᠵᠠᠳᠠᠭᠠᠢ ᠰᠢᠯᠦᠭ ᠨᠢ ᠬᠡᠳᠦᠢᠪᠡᠷ ᠣᠬᠣᠷ ᠠᠪᠰᠠᠷᠬᠠᠨ ᠤᠷᠠᠯᠢᠭ ᠤ᠋ᠨ ᠡᠳ᠋ ᠪᠣᠯᠬᠤ ᠪᠣᠯᠪᠠᠴᠤ ᠲᠡᠷᠡ ᠪᠣᠯ ᠰᠢᠷᠡᠭᠡᠨ ᠳᠡᠭᠡᠷ᠎ᠡ ᠲᠠᠯᠪᠢᠳᠠᠭ ᠦᠵᠡᠰᠬᠦᠯᠡᠩ ᠦ᠋ᠨ ᠭᠠᠵᠠᠷ ᠰᠣᠨᠢᠷᠬᠠᠭᠤᠯᠳᠠᠭ ᠂ ᠳᠡᠯᠭᠡᠭᠦᠷ ᠳᠡᠭᠡᠷ᠎ᠡ ᠭᠠᠢᠬᠠᠭᠤᠯᠳᠠᠭ ᠦᠵᠡᠭᠡᠳ ᠬᠠᠨᠤᠳᠠᠭ ᠦᠭᠡᠢ ᠂ ᠪᠠᠬᠠᠷᠤᠭᠠᠳ ᠮᠣᠬᠣᠳᠠᠭ ᠦᠭᠡᠢ ᠨᠠᠷᠢᠨ ᠬᠢᠴᠡᠲᠦ ᠭᠠᠷ ᠤᠷᠠᠯᠠᠯ ᠤ᠋ᠨ ᠡᠳ᠋ ᠲᠡᠢ ᠠᠳᠠᠯᠢᠬᠠᠨ ᠵᠠᠪᠠᠯ ᠨᠠᠷᠢᠨ ᠰᠡᠢᠯᠵᠦ ᠨᠢᠭᠲᠠ ᠤᠷᠠᠯᠠᠭᠰᠠᠨ ᠪᠠᠢᠬᠤ ᠶᠣᠰᠣᠲᠠᠢ ᠂ ᠲᠡᠷᠡ ᠨᠢ ᠵᠠᠷᠢᠮ ᠳ᠋ᠠᠭᠠᠨ ᠭᠠᠭᠴᠠ ᠥᠭᠦᠯᠡᠪᠦᠷᠢ ᠂ ᠵᠠᠷᠢᠮ ᠳ᠋ᠠᠭᠠᠨ ᠬᠡᠳᠦᠬᠡᠨ ᠪᠠᠳᠠᠭ ᠂ ᠬᠡᠲᠦᠷᠡᠬᠦ ᠳ᠋ᠡᠭᠡᠨ ᠮᠢᠩᠭ᠎ᠠ ᠬᠦᠷᠬᠦ ᠦᠭᠡᠢ ᠦᠰᠦᠭ ᠯᠡ ᠲᠡᠳᠦᠢ ᠃ ᠭᠡᠪᠡᠴᠦ ᠲᠡᠭᠦᠨ ᠳ᠋ᠦ᠍ ᠰᠤᠷᠤᠭᠠᠳ ᠪᠠᠷᠠᠬᠤ ᠦᠭᠡᠢ ᠰᠢᠮ᠎ᠡ ᠪᠠᠢᠨ᠎ᠠ ᠂ ᠰᠢᠷᠳᠡᠭᠡᠳ ᠪᠠᠷᠠᠬᠤ ᠦᠭᠡᠢ ᠦᠵᠡᠮᠵᠢ ᠪᠠᠢᠨ᠎ᠠ ᠂ ᠱᠠᠭᠰᠢᠭᠠᠳ ᠪᠠᠷᠠᠬᠤ ᠦᠭᠡᠢ ᠤᠷᠠᠯᠢᠭ ᠪᠠᠢᠨ᠎ᠠ ᠂ ᠰᠡᠩᠭᠢᠨᠡᠭᠡᠳ ᠪᠠᠷᠠᠬᠤ ᠦᠭᠡᠢ ᠦᠨᠦᠷ ᠪᠠᠢᠨ᠎ᠠ᠂ ᠤᠩᠰᠢᠭᠠᠳ ᠰᠠᠭᠤᠬᠤᠶ᠎ᠠ ᠠᠮᠠᠨ ᠳ᠋ᠤ᠌ ᠤᠷᠤᠰᠤᠮ᠎ᠠ ᠰᠡᠳᠬᠢᠭᠡᠳ ᠰᠠᠭᠤᠬᠤᠶ᠎ᠠ ᠴᠡᠭᠡᠵᠢᠨ ᠳ᠋ᠦ᠍ ᠬᠣᠨᠣᠭᠰᠢᠮᠠ ᠪᠠᠢᠳᠠᠭ᠃ ᠵᠠᠳᠠᠭᠠᠢ ᠰᠢᠯᠦᠭ ᠪᠣᠯ ᠬᠥᠮᠦᠰ ᠲᠦ᠍ ᠭᠠᠷᠳᠠᠭᠤᠯᠵᠤ ᠪᠠᠢᠭ᠎ᠠ ᠬᠡᠰᠡᠭ ᠬᠡᠰᠡᠭ ᠰᠢᠬᠡᠷ ᠪᠣᠯᠤᠨ᠎ᠠ ᠂ ᠲᠡᠷᠡ ᠪᠣᠯ ᠲᠡᠢᠮᠦ ᠴᠦ᠍ ᠵᠢᠵᠢᠭᠬᠡᠨ ᠂ ᠲᠡᠢᠮᠦ ᠴᠦ᠍ ᠠᠮᠲᠠᠲᠠᠢ ᠂ ᠬᠡᠮᠡᠯᠢᠬᠦ ᠲᠤᠲᠤᠮ ᠰᠢᠯᠦᠰᠦ ᠶ᠋ᠢ ᠭᠣᠭᠣᠵᠢᠭᠤᠯᠵᠤ ᠂ ᠢᠳᠡᠬᠦ ᠲᠤᠲᠤᠮ ᠬᠣᠳᠣᠭᠣᠳᠣ ᠶ᠋ᠢ ᠪᠠᠶᠠᠰᠬᠠᠨ᠎ᠠ ᠃
3
ᠲᠤᠰ ᠲᠡᠭᠦᠪᠦᠷᠢ ᠳ᠋ᠦ᠍ ᠣᠷᠣᠭᠰᠠᠨ ᠵᠠᠳᠠᠭᠠᠢ ᠰᠢᠯᠦᠭ ᠶᠡᠷᠦᠩᠬᠡᠢ ᠳ᠋ᠡᠭᠡᠨ ᠴᠥᠮ ᠠᠴᠢᠲᠤ ᠨᠠᠮ ᠂ ᠠᠭᠤᠤ ᠶᠡᠬᠡ ᠡᠬᠡ ᠤᠯᠤᠰ ᠂ ᠡᠬᠡ ᠨᠤᠲᠤᠭ ᠤ᠋ᠨ ᠢ᠋ᠶ᠋ᠠᠨ ᠬᠥᠭᠵᠢᠯ ᠬᠤᠪᠢᠷᠠᠯ ᠂ ᠨᠡᠢᠭᠡᠮ ᠵᠢᠷᠤᠮᠲᠤ ᠳᠥᠷᠪᠡᠨ ᠣᠳᠣᠬᠢᠴᠢᠯᠠᠯᠲᠠ ᠶ᠋ᠢ ᠪᠡᠶᠡᠯᠡᠭᠦᠯᠬᠦᠢ ᠶ᠋ᠢᠨ ᠲᠥᠯᠥᠭᠡᠨ᠎ᠡ ᠣᠶᠤᠨ ᠲᠠᠷᠢᠬᠢ ᠪᠠᠨ ᠰᠢᠪᠬᠠᠵᠤ ᠂ ᠬᠦᠴᠦ ᠬᠥᠯᠥᠰᠥ ᠪᠡᠨ ᠤᠷᠤᠰᠬᠠᠵᠤ ᠪᠠᠢᠭ᠎ᠠ ᠡᠯ᠎ᠡ ᠹᠷᠣᠨᠲ ᠤ᠋ᠨ ᠪᠠᠭᠠᠲᠤᠷᠯᠢᠭ ᠠᠷᠠᠳ ᠲᠦᠮᠡᠨ ᠪᠠ ᠦᠨᠳᠦᠰᠦᠲᠡᠨ ᠨᠦ᠍ᠭᠦᠳ ᠦ᠋ᠨ ᠬᠣᠭᠣᠷᠣᠨᠳᠣᠬᠢ ᠬᠡᠨ ᠨᠢ ᠬᠡᠨ ᠡᠴᠡ ᠪᠡᠨ ᠰᠠᠯᠵᠤ ᠴᠢᠳᠠᠳᠠᠭ ᠦᠭᠡᠢ ᠴᠢᠰᠤ ᠮᠢᠬᠠᠨ ᠤ᠋ ᠨᠢᠭᠲᠠ ᠪᠠᠷᠢᠯᠳᠤᠯᠭ᠎ᠠ ᠂ ᠴᠢᠩ ᠦᠨᠡᠨ ᠨᠥ᠋ᠬᠥᠷᠰᠡᠭ ᠪᠦᠯᠬᠦᠮᠳᠡᠯ ᠢ᠋ ᠨᠢᠳᠦᠨ ᠳ᠋ᠦ᠍ ᠦᠵᠡᠭᠳᠡᠵᠦ ᠴᠢᠬᠢᠨ ᠳ᠋ᠦ᠍ ᠲᠤᠭᠤᠯᠳᠠᠲᠠᠯᠠ ᠳᠦᠷᠰᠦᠯᠡᠨ ᠲᠤᠰᠬᠠᠵᠤ ᠂ ᠬᠡᠬᠦᠳᠡᠭ ᠳᠦᠭᠦᠷᠡᠩ ᠬᠠᠯᠠᠭᠤᠨ ᠰᠡᠳᠬᠢᠯᠭᠡ ᠪᠡᠷ ᠨᠤᠲᠠᠯᠠᠨ ᠦᠨᠡᠯᠡᠵᠦ ᠮᠠᠭᠲᠠᠨ ᠳᠠᠭᠤᠯᠠᠭᠰᠠᠨ ᠪᠠᠢᠨ᠎ᠠ ᠃ ᠠᠳᠠ ᠲᠤᠰᠬᠠᠭᠰᠠᠨ ᠠᠮᠢᠳᠤᠷᠠᠯ ᠤ᠋ᠨ ᠵᠢᠷᠤᠭ ᠠ᠋ᠴᠠ ᠨᠠᠮ ᠤ᠋ᠨ ᠤᠳᠤᠷᠢᠳᠤᠯᠭ᠎ᠠ ᠳᠣᠣᠷᠠᠬᠢ ᠥᠪᠥᠷ ᠮᠣᠩᠭᠣᠯ ᠤ᠋ᠨ ᠲᠠᠯ᠎ᠠ ᠨᠤᠲᠤᠭ ᠨᠢ ᠨᠡᠢᠭᠡᠮ ᠵᠢᠷᠤᠮ ᠤ᠋ᠨ ᠵᠠᠮ ᠢ᠋ᠶ᠋ᠠᠷ ᠦᠳᠲᠡᠷ ᠲᠦᠷᠭᠡᠨ ᠤᠷᠤᠭᠰᠢᠯᠠᠨ ᠥᠭᠡᠳᠡᠯᠡᠵᠦ ᠪᠠᠢᠭ᠎ᠠ ᠴᠠᠭ ᠡᠷᠡᠨ ᠦ᠌ ᠰᠦᠷ ᠵᠢᠪᠬᠤᠭ᠎ᠠ ᠂ ᠲᠡᠦᠬᠡᠨ ᠠᠬᠢᠴᠠ ᠶ᠋ᠢᠨ ᠠᠯᠬᠤᠭ᠎ᠠ ᠭᠢᠰᠬᠢᠴᠡ ᠶ᠋ᠢ ᠦᠵᠡᠵᠦ ᠭᠠᠷᠤᠨ᠎ᠠ ᠃ ᠡᠳᠡᠭᠡᠷ ᠲᠡᠦᠬᠡᠨ ᠤᠯᠠ ᠮᠥᠷ ᠢ᠋ ᠵᠣᠬᠢᠶᠠᠭᠴᠢᠳ ᠴᠥᠮ ᠪᠠᠬᠠᠷᠬᠠᠭᠰᠠᠨ ᠬᠠᠷᠠᠴᠠ ᠪᠠᠷ᠂ ᠣᠮᠣᠭᠰᠢᠭᠰᠠᠨ ᠰᠡᠳᠬᠢᠯᠭᠡ ᠪᠡᠷ ᠲᠤᠰᠬᠠᠨ ᠬᠠᠷᠠᠭᠤᠯᠤᠭᠰᠠᠨ ᠠ᠋ᠴᠠ ᠦᠵᠡᠪᠡᠯ ᠵᠣᠬᠢᠶᠠᠭᠴᠢᠳ ᠤ᠋ᠨ ᠦᠵᠡᠯ ᠰᠡᠳᠬᠢᠯᠭᠡ ᠨᠢ ᠠᠷᠠᠳ ᠲᠦᠮᠡᠨ ᠦ᠌ ᠦᠵᠡᠯ ᠰᠡᠳᠬᠢᠯᠭᠡ ᠲᠡᠢ ᠠᠭᠤᠰᠴᠤ ᠂ ᠲᠡᠳᠡᠨ ᠦ᠌ ᠵᠢᠷᠦᠬᠡᠨ ᠦ᠌ ᠴᠣᠬᠢᠯᠭ᠎ᠠ ᠰᠤᠳᠠᠰᠤᠨ ᠤ᠋ ᠯᠤᠭᠰᠢᠯᠲᠠ ᠨᠢ ᠴᠠᠭ ᠦᠶ᠎ᠡ ᠶ᠋ᠢᠨ ᠠᠯᠬᠤᠴᠠ ᠠᠬᠢᠯᠲᠠ ᠲᠠᠢ ᠨᠡᠢᠴᠡᠵᠦ ᠪᠠᠢᠨ᠎ᠠ ᠭᠡᠰᠡᠨ ᠢ᠋ ᠬᠠᠷᠠᠭᠤᠯᠵᠤ ᠪᠠᠢᠨ᠎ᠠ ᠃ ᠵᠠᠷᠢᠮ ᠨᠢᠭᠡᠨ ᠬᠡᠮᠵᠢᠶᠡᠨ ᠡᠴᠡ ᠠᠪᠴᠤ ᠦᠵᠡᠪᠡᠯ ᠂ ᠡᠳᠡᠭᠡᠷ ᠵᠣᠬᠢᠶᠠᠯ ᠪᠣᠯ ᠳᠤᠮᠳᠠᠳᠤ ᠤᠯᠤᠰ ᠤ᠋ᠨ ᠡᠪ ᠬᠠᠮᠲᠤ ᠨᠠᠮ ᠤ᠋ᠨ ᠤᠳᠤᠷᠢᠳᠤᠯᠭ᠎ᠠ ᠳᠣᠣᠷᠠᠬᠢ ᠠᠷᠤ ᠬᠢᠵᠠᠭᠠᠷ ᠣᠷᠣᠨ ᠤ᠋ ᠲᠡᠦᠬᠡᠨ ᠤᠷᠤᠭᠰᠢᠯᠠᠯᠲᠠ ᠶ᠋ᠢᠨ ᠣᠷᠣ ᠮᠥᠷ ᠢ᠋ ᠤᠷᠠᠯᠢᠭ ᠢ᠋ᠶ᠋ᠠᠷ ᠳᠤᠰᠬᠠᠨ ᠳᠦᠷᠰᠦᠯᠡᠵᠦ ᠂ ᠠᠷᠠᠳ ᠲᠦᠮᠡᠨ ᠦ᠌ ᠠᠮᠢᠳᠤᠷᠠᠯ ᠤ᠋ᠨ ᠳᠦᠷᠰᠦᠯᠢᠭ ᠵᠢᠷᠤᠭ ᠂ ᠴᠠᠭ ᠦᠶ᠎ᠡ ᠶ᠋ᠢᠨ ᠤᠷᠤᠭᠰᠢᠯᠠᠯᠲᠠ ᠶ᠋ᠢᠨ ᠬᠠᠩᠭᠢᠨᠠᠭᠤᠨ ᠴᠤᠤᠷᠢᠶ᠎ᠠ ᠪᠣᠯᠤᠨ᠎ᠠ ᠃
ᠲᠤᠰ ᠲᠡᠭᠦᠪᠦᠷᠢ ᠶ᠋ᠢᠨ ᠵᠣᠬᠢᠶᠠᠭᠴᠢᠳ ᠶᠡᠷᠦᠩᠬᠡᠢ ᠳ᠋ᠡᠭᠡᠨ ᠴᠥᠮ ᠵᠠᠳᠠᠭᠠᠢ ᠰᠢᠯᠦᠭ ᠪᠢᠴᠢᠬᠦ ᠶ᠋ᠢᠨ ᠨᠢᠭᠤᠴᠠ ᠤᠪᠠᠳᠢᠰ ᠢ᠋ ᠳᠠᠳᠮᠠᠭᠠᠢ ᠡᠵᠡᠮᠰᠢᠵᠦ ᠂ ᠮᠣᠩᠭᠣᠯ ᠬᠡᠯᠡ ᠳᠡᠭᠡᠷ᠎ᠡ ᠵᠠᠳᠠᠭᠠᠢ ᠰᠢᠯᠦᠭ ᠪᠢᠴᠢᠬᠦ ᠲᠤᠬᠠᠢ ᠣᠯᠠᠨ ᠲᠠᠯ᠎ᠠ ᠪᠠᠷ ᠠᠮᠵᠢᠯᠲᠠ ᠲᠠᠢ ᠲᠤᠷᠰᠢᠯᠲᠠ ᠬᠢᠵᠦ ᠂ ᠮᠣᠩᠭᠣᠯ ᠵᠠᠳᠠᠭᠠᠢ ᠰᠢᠯᠦᠭ ᠦ᠋ᠨ ᠥᠨᠢᠷ ᠴᠡᠴᠡᠭ ᠢ᠋ ᠲᠠᠯ᠎ᠠ ᠳᠦᠭᠦᠷᠡᠩ ᠪᠠᠳᠠᠷᠠᠭᠤᠯᠤᠨ ᠳᠡᠯᠭᠡᠷᠡᠭᠦᠯᠵᠡᠢ ᠃ ᠡᠳᠡᠭᠡᠷ ᠵᠠᠳᠠᠭᠠᠢ ᠰᠢᠯᠦᠭ ᠠᠬᠤᠢ ᠠᠮᠢᠳᠤᠷᠠᠯ ᠢ᠋ ᠲᠤᠰᠬᠠᠭᠰᠠᠨ ᠨᠢ ᠠᠮᠢᠳᠤ ᠰᠡᠷᠭᠦᠯᠡᠩ ᠂ ᠪᠠᠢᠭᠠᠯᠢ ᠦᠵᠡᠮᠵᠢ ᠶ᠋ᠢ ᠳᠦᠷᠰᠦᠯᠡᠭᠰᠡᠨ ᠨᠢ ᠳᠡᠭᠵᠢᠨ ᠴᠣᠪᠣᠭᠣᠯᠢᠭ ᠂ ᠬᠠᠢᠷ᠎ᠠ ᠰᠡᠳᠬᠢᠯᠭᠡ ᠪᠡᠨ ᠤᠶᠠᠩᠭᠠᠯᠠᠭᠰᠠᠨ ᠨᠢ ᠪᠢᠯᠬᠠᠮ᠎ᠠ ᠴᠠᠯᠭᠢᠮ᠎ᠠ ᠂ ᠰᠠᠨᠠᠭ᠎ᠠ ᠠᠬᠤᠢ ᠶ᠋ᠢ ᠪᠦᠲᠦᠭᠡᠭᠰᠡᠨ ᠨᠢ ᠤᠷᠠᠨ ᠭᠣᠢᠳᠠ ᠂ ᠪᠦᠲᠦᠴᠡ ᠵᠣᠬᠢᠶᠠᠮᠵᠢ ᠨᠢ ᠵᠢᠭᠳᠡ ᠮᠥᠷᠲᠡᠭᠡᠨ ᠠᠪᠰᠠᠷᠬᠠᠨ ᠂ ᠬᠡᠯᠡ ᠬᠡᠯᠡᠯᠭᠡ ᠨᠢ ᠪᠠᠶᠠᠯᠢᠭ ᠮᠥᠷᠲᠡᠭᠡᠨ ᠢᠷᠠᠭᠤ ᠂ ᠳᠦᠷᠢ ᠳᠦᠷᠰᠦᠯᠡᠯ ᠨᠢ ᠠᠮᠢᠳᠤᠯᠢᠭ ᠮᠥᠷᠲᠡᠭᠡᠨ ᠰᠠᠢᠬᠠᠨ᠂ ᠥᠩᠭᠡ ᠪᠣᠳᠣᠭ ᠨᠢ ᠬᠤᠷᠴᠠ ᠮᠥᠷᠲᠡᠭᠡᠨ ᠭᠣᠶᠣ ᠂ ᠦᠨᠦᠷ ᠠᠮᠲᠠ ᠨᠢ ᠠᠩᠬᠢᠯᠤᠭᠤᠨ ᠮᠥᠷᠲᠡᠭᠡᠨ ᠰᠢᠮᠡᠲᠡᠢ ᠂ ᠬᠥᠭ ᠠᠶᠠᠰ ᠨᠢ ᠬᠠᠩᠭᠢᠨᠠᠭᠤᠨ ᠮᠥᠷᠲᠡᠭᠡᠨ ᠤᠶᠠᠩᠭᠠᠲᠠᠢ ᠂ ᠬᠡ ᠨᠠᠮᠪᠠ ᠨᠢ ᠪᠠᠶᠠᠯᠢᠭ ᠮᠥᠷᠲᠡᠭᠡᠨ ᠲᠠᠭᠠᠲᠠᠢ ᠡᠳᠡᠭᠡᠷ ᠵᠠᠳᠠᠭᠠᠢ ᠰᠢᠯᠦᠭ ᠢ᠋ ᠤᠩᠰᠢᠬᠤ ᠳ᠋ᠤ᠌ ᠵᠠᠷᠢᠮ ᠨᠢ ᠰᠢᠬᠢᠷ ᠬᠡᠮᠡᠯᠢᠭᠰᠡᠨ ᠰᠢᠭ ᠨᠢᠭᠡ ᠯᠡ ᠠᠮᠲᠠᠷᠬᠠᠨ ᠂ ᠵᠠᠷᠢᠮ ᠨᠢ ᠵᠢᠮᠢᠰ ᠵᠠᠭᠤᠭᠰᠠᠨ ᠰᠢᠭ᠋ ᠨᠢᠭᠡ ᠯᠡ ᠰᠡᠩᠭᠢᠨᠡᠭᠦᠨ ᠂ ᠵᠠᠷᠢᠮ ᠰᠠᠷᠬᠤᠳ ᠪᠠᠯᠭᠤᠭᠰᠠᠨ ᠰᠢᠭ᠋ ᠨᠢᠭᠡ ᠯᠡ ᠲᠠᠭᠠᠲᠠᠢ ᠂ ᠵᠠᠷᠢᠮ ᠨᠢ ᠮᠢᠬ᠎ᠠ ᠢᠳᠡᠭᠰᠡᠨ ᠰᠢᠭ ᠨᠢᠭᠡ ᠯᠡ ᠮᠠᠩᠰᠢᠭᠤᠨ ᠡᠳᠡᠭᠡᠷ ᠵᠠᠳᠠᠭᠠᠢ ᠰᠢᠯᠦᠭ ᠦ᠋ᠨ ᠬᠡᠪ ᠨᠠᠮᠪᠠ ᠣᠯᠠᠨ ᠶᠠᠩᠵᠤᠲᠠᠢ ᠂ ᠬᠡᠯᠪᠡᠷᠢ ᠳᠦᠷᠰᠦ ᠠᠷᠪᠢᠨ ᠪᠠᠢᠳᠠᠯ ᠲᠠᠢ ᠂ ᠵᠠᠷᠢᠮ ᠨᠢ ᠥᠷᠨᠢᠭᠦᠨ ᠰᠦᠷᠯᠢᠭ ᠂ ᠵᠠᠷᠢᠮ ᠨᠢ ᠡᠶᠡᠪᠡᠷᠭᠦᠦ ᠵᠥᠭᠡᠯᠡᠨ ᠵᠠᠷᠢᠮ ᠨᠢ ᠠᠤᠭ᠎ᠠ ᠶᠡᠬᠡᠮᠰᠦᠭ ᠂ ᠵᠠᠷᠢᠮ ᠨᠢ ᠨᠠᠷᠢᠨ ᠴᠢᠩᠳᠠ ᠵᠠᠷᠢᠮ ᠨᠢ ᠠᠷᠤᠤᠬᠠᠨ ᠲᠤᠩᠭᠠᠯᠠᠭ ᠂ ᠵᠠᠷᠢᠮ ᠨᠢ ᠤᠷᠠᠨ ᠭᠣᠢᠳᠠ ᠵᠠᠷᠢᠮ ᠨᠢ ᠴᠣᠪᠣᠭᠣ ᠳᠡᠭᠵᠢᠨ ᠂ ᠵᠠᠷᠢᠮ ᠨᠢ ᠲᠥᠪᠯᠡᠭᠦᠨ ᠴᠢᠩᠭ᠎ᠠ ︔ᠵᠠᠷᠢᠮ ᠨᠢ ᠠᠯᠤᠰ ᠭᠦᠨ ᠂ ᠵᠠᠷᠢᠮ ᠨᠢ ᠣᠢᠷ᠎ᠠ ᠳᠣᠲᠣᠨᠣ ᠂ ᠲᠡᠭᠦᠨ ᠢ᠋ ᠤᠩᠰᠢᠨ ᠰᠠᠭᠤᠬᠤ ᠳ᠋ᠤ᠌ ᠴᠢᠮᠠᠭᠢ ᠡᠷᠬᠡ ᠦᠭᠡᠢ ᠳᠠᠭᠤᠤ ᠶ᠋ᠢᠨ ᠶᠢᠷᠲᠢᠨᠴᠦ ᠬᠥᠭᠵᠢᠮ ᠵᠢᠨ ᠲᠢᠩᠬᠢᠮ ᠳ᠋ᠦ᠍ ᠤᠷᠢᠨ ᠣᠷᠣᠭᠤᠯᠵᠤ ᠂ ᠵᠢᠷᠤᠭ ᠤ᠋ᠨ ᠦᠵᠡᠰᠬᠦᠯᠡᠩ ᠤᠷᠠᠯᠢᠭ ᠤ᠋ᠨ ᠣᠷᠳᠣᠨ ᠳ᠋ᠤ᠌ ᠬᠥᠲᠥᠯᠦᠨ ᠳᠠᠭᠠᠭᠤᠯᠳᠠᠭ ᠃
ᠡᠳᠡᠭᠡᠷ ᠵᠠᠳᠠᠭᠠᠢ ᠰᠢᠯᠦᠭ ᠦ᠋ᠨ ᠣᠯᠠᠩᠬᠢ ᠨᠢ ᠦᠵᠡᠬᠦᠶ᠎ᠡ ᠥᠩᠭᠡ ᠲᠡᠢ ᠂ ᠨᠢᠰᠠᠯᠬᠤᠶᠠ ᠳᠠᠭᠤᠨ ᠲᠠᠢ ᠂ ᠤᠩᠰᠢᠬᠤᠶᠠ ᠠᠶᠠᠰ ᠲᠠᠢ ᠭᠢᠩᠰᠢᠬᠦᠶᠡ ᠬᠥᠭ ᠲᠡᠢ ᠪᠣᠯᠵᠤ ᠴᠢᠳᠠᠭᠰᠠᠨ ᠪᠠᠢᠨ᠎ᠠ ᠃ ᠴᠠᠭ ᠦᠶ᠎ᠡ ᠶ᠋ᠢᠨ ᠰᠦᠷ ᠵᠢᠪᠬᠤᠭ᠎ᠠ ᠂ ᠠᠷᠤ ᠬᠢᠵᠠᠭᠠᠷ ᠤ᠋ᠨ ᠥᠩᠭᠡ ᠦᠵᠡᠮᠵᠢ ᠮᠣᠩᠭᠣᠯ ᠦᠨᠳᠦᠰᠦᠲᠡᠨ ᠦ᠌ ᠣᠨᠴᠠᠯᠢᠭ ᠰᠢᠨᠵᠢ ᠂ ᠰᠦ ᠰᠠᠷᠬᠤᠳ ᠤ᠋ᠨ ᠦᠨᠦᠷ ᠠᠮᠲᠠ ᠡᠳᠡᠭᠡᠷ ᠣᠨᠴᠠᠯᠢᠭ ᠢ᠋ᠶ᠋ᠠᠷ ᠢ᠋ᠶ᠋ᠠᠨ ᠴᠠᠭ ᠦᠶ᠎ᠡ ᠶ᠋ᠢᠨ ᠴᠤᠤᠷᠢᠶ᠎ᠠ ᠶ᠋ᠢ ᠬᠦᠩᠭᠢᠨᠡᠲᠡᠯ᠎ᠡ ᠲᠠᠲᠠᠵᠤ ᠂ ᠮᠣᠩᠭᠣᠯ ᠦᠨᠳᠦᠰᠦᠲᠡᠨ ᠦ᠌ ᠣᠨᠴᠠᠯᠢᠭ ᠢ᠋ ᠳᠤᠷᠠᠢᠲᠠᠯ᠎ᠠ ᠵᠢᠷᠤᠭᠯᠠᠪᠠ ᠃
ᠲᠤᠰ ᠲᠡᠭᠦᠪᠦᠷᠢ ᠳ᠋ᠦ᠍ ᠠᠷᠪᠠ ᠶᠢᠰᠦᠨ ᠵᠣᠬᠢᠶᠠᠭᠴᠢ ᠶ᠋ᠢᠨ ᠨᠠᠷᠢᠨ ᠤᠷᠠᠯᠠᠵᠤ ᠨᠢᠮᠪᠠᠢ ᠪᠦᠲᠦᠭᠡᠭᠰᠡᠨ ᠵᠠᠳᠠᠭᠠᠢ ᠰᠢᠯᠦᠭ ᠦ᠋ᠳ ᠢ᠋ ᠬᠤᠷᠢᠶᠠᠮᠵᠢᠯᠠᠪᠠ᠃ ᠡᠨᠡᠬᠦ ᠵᠣᠬᠢᠶᠠᠭᠴᠢ ᠶ᠋ᠢᠨ ᠡᠩᠨᠡᠭᠡ ᠪᠣᠯ ᠬᠥᠮᠦᠨ ᠦ᠌ ᠲᠣᠭ᠎ᠠ ᠪᠠᠷ ᠣᠯᠠᠨ ᠂ ᠤᠷᠠᠨ ᠮᠡᠷᠭᠡᠰᠢᠯ ᠢ᠋ᠶ᠋ᠡᠷ ᠥᠨᠳᠥᠷ ᠂ ᠠᠮᠵᠢᠯᠲᠠ ᠪᠦᠲᠦᠮᠵᠢ ᠪᠡᠷ ᠶᠡᠬᠡ ᠠᠷᠭ᠎ᠠ ᠲᠤᠷᠰᠢᠯᠭ᠎ᠠ ᠪᠠᠷ ᠪᠠᠶᠠᠯᠢᠭ ᠂ ᠠᠬᠠᠮᠠᠳ ᠢᠳᠡᠷ ᠵᠠᠯᠠᠭᠤ ᠭᠤᠷᠪᠠᠨ ᠦᠶ᠎ᠡ ᠪᠡᠷ ᠪᠦᠷᠢᠯᠳᠦᠭᠰᠡᠨ ᠬᠦᠴᠦ ᠶᠡᠬᠡᠲᠡᠢ ᠂ ᠬᠦᠰᠡᠯ ᠶᠡᠬᠡᠲᠡᠢ ᠡᠩᠨᠡᠭᠡ ᠪᠣᠯᠤᠨ᠎ᠠ ᠃ ᠲᠡᠳᠡ ᠤᠷᠠᠨ ᠰᠠᠨᠠᠭᠠᠨ ᠤ᠋ ᠳᠠᠯᠠᠪᠴᠢ ᠪᠠᠨ ᠰᠡᠵᠢᠯᠬᠢᠯᠡᠵᠦ ᠂ ᠬᠣᠯᠪᠣᠨ ᠪᠣᠳᠣᠬᠤ ᠰᠢᠵᠢᠮ ᠢ᠋ᠶ᠋ᠡᠨ ᠭᠣᠷᠤᠯᠵᠭᠤᠯᠵᠤ ᠂ ᠦᠭᠡᠰ ᠦ᠋ᠨ ᠰᠠᠩ ᠤ᠋ᠨ ᠬᠥᠮᠥᠷᠭᠡ ᠪᠡᠨ ᠠᠭᠤᠳᠠᠯᠠᠵᠤ ᠂ ᠤᠶᠠᠩᠭ᠎ᠠ ᠰᠡᠳᠬᠢᠯᠭᠡ ᠶ᠋ᠢᠨ ᠦᠶᠡᠷ ᠢ᠋ᠶ᠋ᠡᠨ ᠴᠠᠯᠭᠢᠭᠤᠯᠵᠤ ᠂ ᠠᠳᠠᠯᠢᠳᠬᠠᠯ ᠦᠯᠢᠳᠬᠡᠯ ᠠᠯᠢ ᠣᠯᠠᠨ ᠠᠷᠭ᠎ᠠ ᠠᠪᠴᠢᠯ ᠢ᠋ ᠬᠡᠷᠡᠭᠯᠡᠨ ᠂ ᠪᠡᠯᠭᠡᠳᠡᠯ ᠶᠡᠬᠡᠰᠬᠡᠯ ᠪᠦᠬᠦᠢ ᠠᠷᠪᠢᠨ ᠳᠠᠮ ᠰᠠᠮᠪᠠᠭ᠎ᠠ ᠶ᠋ᠢ ᠠᠰᠢᠭᠯᠠᠨ ᠪᠠᠢᠵᠤ᠂ ᠤᠩᠰᠢᠭᠴᠢᠳ ᠤ᠋ᠨ ᠡᠮᠦᠨ᠎ᠡ ᠤᠷᠭᠤᠮᠠ ᠳᠦᠷᠢ ᠶ᠋ᠢ ᠪᠤᠰᠬᠠᠵᠤ ᠂ ᠰᠣᠨᠢᠷᠬᠠᠭᠴᠢᠳ ᠤ᠋ᠨ ᠰᠠᠨᠠᠭᠠᠨ ᠳ᠋ᠤ᠌ ᠰᠠᠢᠬᠠᠨ ᠵᠢᠷᠤᠭ ᠢ ᠡᠯᠭᠦᠪᠡ᠃ ᠡᠳᠡᠭᠡᠷ ᠵᠣᠬᠢᠶᠠᠯ ᠢ᠋ ᠰᠢᠮᠡᠭᠡᠳ ᠪᠠᠢᠪᠠᠯ ᠰᠢᠬᠢᠷ ᠵᠢᠮᠢᠰ ᠦ᠋ᠨ ᠠᠮᠲᠠ ᠭᠠᠷᠤᠨ᠎ᠠ᠃ ᠡᠨᠡ ᠡᠩᠨᠡᠭᠡᠨ ᠦ᠌ ᠣᠯᠠᠩᠬᠢ ᠨᠢ ᠰᠢᠯᠦᠭᠴᠢᠳ ᠶᠦ᠍ᠮ ᠂ ᠲᠡᠳᠡ ᠠᠮᠢᠳᠤᠷᠠᠯ ᠢ ᠰᠢᠨᠵᠢᠬᠦ ᠳ᠋ᠡᠭᠡᠨ ᠰᠢᠯᠦᠭᠴᠢᠨ ᠬᠥᠮᠦᠨ ᠦ᠌ ᠪᠢᠯᠢᠭᠲᠦ ᠨᠢᠳᠦ ᠪᠡᠷ ᠂ ᠲᠡᠳᠡ ᠳᠦᠷᠢ ᠳᠦᠷᠰᠦᠯᠡᠯ ᠢ᠋ ᠵᠢᠷᠤᠭᠯᠠᠬᠤ ᠳ᠋ᠠᠭᠠᠨ ᠵᠢᠷᠤᠭᠴᠢᠨ ᠬᠥᠮᠦᠨ ᠦ᠌ ᠤᠷᠠᠨ ᠠᠪᠢᠶᠠᠰ ᠢ᠋ᠶ᠋ᠠᠷ ᠂ ᠲᠡᠳᠡ ᠤᠶᠠᠩᠭ᠎ᠠ ᠰᠡᠳᠬᠢᠯᠭᠡ ᠪᠡᠨ ᠲᠠᠪᠠᠷᠠᠭᠤᠯᠬᠤ ᠳ᠋ᠠᠭᠠᠨ ᠲᠣᠭᠯᠠᠭᠴᠢ ᠬᠥᠮᠦᠨ ᠦ᠌ ᠪᠠᠶᠠᠯᠢᠭ ᠰᠠᠷᠠᠯ ᠢ᠋ᠶ᠋ᠠᠷ ᠂ ᠲᠡᠳᠡ ᠦᠭᠡ ᠬᠡᠯᠡᠯᠭᠡ ᠶ᠋ᠢ ᠬᠡᠷᠡᠭᠯᠡᠬᠦ ᠳ᠋ᠡᠭᠡᠨ ᠳᠠᠷᠬᠠᠳ ᠬᠥᠮᠦᠨ ᠦ᠌ ᠳᠠᠳᠮᠠᠭᠠᠢ ᠪᠣᠯᠪᠠᠰᠤᠷᠠᠯ ᠢ᠋ᠶ᠋ᠠᠷ ᠬᠡᠷᠡᠭᠯᠡᠵᠦ ᠴᠢᠳᠠᠬᠤ ᠪᠣᠯᠬᠣᠷ ᠡᠳᠡᠭᠡᠷ ᠵᠣᠬᠢᠶᠠᠯ ᠤ᠋ᠨ ᠣᠯᠠᠩᠬᠢ ᠨᠢ ᠬᠦᠨᠳᠦ ᠶ᠋ᠢᠨ ᠵᠢᠩ ᠲᠡᠢ ᠂ ᠬᠦᠩᠭᠢᠨᠡᠮ᠎ᠡ ᠠᠶᠠᠰ ᠲᠠᠢ ᠂ ᠬᠥᠮᠦᠵᠢᠯ ᠦ᠋ᠨ ᠠᠭᠤᠯᠭ᠎ᠠ ᠲᠠᠢ ᠂ ᠬᠦᠷᠲᠡᠮᠵᠢ ᠶ᠋ᠢᠨ ᠤᠷᠠᠯᠢᠭ ᠲᠠᠢ ᠵᠣᠬᠢᠶᠠᠯ ᠪᠣᠯᠵᠤ ᠴᠢᠳᠠᠭᠰᠠᠨ ᠶᠤᠮ ᠃
4
ᠪᠢᠷ ᠦ᠋ᠨ ᠦᠵᠦᠭᠦᠷ ᠲᠦ᠋ᠨᠢ ᠰᠢᠳᠢ ᠣᠷᠣᠰᠢᠵᠤ ᠂ ᠪᠢᠯᠢᠭ ᠦ᠋ᠨ ᠣᠢ ᠳ᠋ᠤᠨᠢ ᠴᠡᠴᠡᠭ ᠳᠡᠯᠭᠡᠷᠡᠭᠰᠡᠨ ᠬᠥᠮᠦᠨ ᠬᠠᠰᠢ ᠯᠠ ᠠᠰᠲᠠᠭᠠᠨ ᠂ ᠤᠩᠰᠢᠨ ᠤᠩᠰᠢᠨ ᠪᠠᠢᠵᠤ᠂ ᠠᠳᠠᠯᠢᠳᠬᠠᠨ ᠠᠳᠠᠯᠢᠳᠬᠠᠨ ᠦᠵᠡᠬᠦ ᠳ᠋ᠦ᠍ ᠬᠠᠰᠢ ᠯᠠ ᠠᠬᠠᠮᠠᠳ ᠰᠢᠯᠦᠭᠴᠢᠨ ᠦ᠌ ᠂ ᠪᠦᠷᠢᠨᠪᠡᠬᠢ ᠨᠥᠬᠥᠷ ᠦ᠋ᠨ ᠵᠠᠳᠠᠭᠠᠢ ᠰᠢᠯᠦᠭ ᠯᠡ ᠣᠨᠴᠠ ᠶ᠋ᠢᠨ ᠠᠮᠲᠠᠲᠠᠢ ᠂ ᠣᠨᠴᠠ ᠶ᠋ᠢᠨ ᠰᠢᠮᠡᠲᠡᠢ ᠰᠠᠨᠠᠭᠳᠠᠨ᠎ᠠ ᠃ ᠪ · ᠪᠦᠷᠢᠨᠪᠡᠬᠢ ᠨᠥᠬᠥᠷ ᠪᠣᠯ ᠥᠪᠥᠷ ᠮᠣᠩᠭᠣᠯ ᠤ᠋ᠨ ᠮᠣᠩᠭᠣᠯ ᠤᠷᠠᠨ ᠵᠣᠬᠢᠶᠠᠯ ᠤ᠋ᠨ ᠬᠦᠷᠢᠶᠡᠯᠡᠩ ᠳ᠋ᠦ᠍ ᠵᠠᠳᠠᠭᠠᠢ ᠰᠢᠯᠦᠭ ᠭᠡᠬᠦ ᠡᠨᠡᠬᠦ ᠰᠢᠨ᠎ᠡ ᠰᠣᠷᠭᠣᠭ ᠴᠡᠴᠡᠭ ᠢ᠋ ᠠᠩᠬᠠᠯᠠᠨ ᠲᠠᠷᠢᠭᠠᠳ ᠠᠮᠵᠢᠯᠲᠠ ᠭᠠᠷᠭᠠᠭᠰᠠᠨ ᠢ᠋ ᠪᠢᠳᠡ ᠪᠦᠷ ᠮᠡᠳᠡᠨ᠎ᠡ ᠂ ᠲᠡᠭᠦᠨ ᠦ᠌ ᠭᠠᠷᠭᠠᠭᠰᠠᠨ ᠵᠠᠮ ᠢ᠋ᠶ᠋ᠠᠷ ᠡᠦᠲᠦ ᠡᠳᠦᠢ ᠲᠡᠳᠦᠢ ᠬᠥᠮᠦᠰ ᠮᠥᠷᠳᠡᠨ ᠠᠯᠬᠤᠭᠰᠠᠭᠠᠷ ᠨᠢᠭᠡᠨᠲᠡ ᠥᠷᠭᠡᠨ ᠳᠠᠷᠳᠠᠩ ᠵᠠᠮ ᠵᠤᠷᠠᠢᠵᠤ᠂ ᠡᠷᠴᠢ ᠬᠦᠴᠦᠨ ᠲᠡᠢ ᠡᠩᠨᠡᠭᠡ ᠪᠦᠷᠢᠯᠳᠦᠵᠦ ᠂ ᠥᠷᠭᠡᠨ ᠳᠠᠯᠠᠢᠴᠠ ᠲᠠᠢ ᠤᠷᠤᠰᠬᠠᠯ ᠪᠣᠢ ᠪᠣᠯᠪᠠ ᠃ ᠲᠡᠭᠦᠨ ᠦ᠌ ᠪᠢᠴᠢᠭᠰᠡᠨ ᠵᠠᠳᠠᠭᠠᠢ ᠰᠢᠯᠦᠭ ᠦ᠋ᠨ ᠲᠣᠭ᠎ᠠ ᠨᠢ ᠴᠥᠭᠡᠨ ᠪᠣᠯᠪᠠᠴᠤ ᠴᠢᠨᠠᠷ ᠨᠢ ᠥᠨᠳᠥᠷ ᠂ ᠵᠣᠬᠢᠶᠠᠯ ᠪᠦᠬᠦᠨ ᠡᠴᠡ ᠨᠢ ᠣᠢ ᠪᠢᠯᠢᠭ ᠦ᠋ᠨ ᠠᠪᠢᠶᠠᠰ ᠬᠡᠷᠡᠯᠳᠦᠵᠦ ᠂ ᠮᠥᠷ ᠪᠣᠯᠭᠠᠨ ᠠ᠋ᠴᠠ ᠨᠢ ᠣᠶᠤᠨ ᠤ᠋ ᠬᠥᠳᠡᠯᠮᠦᠷᠢ ᠶ᠋ᠢᠨ ᠣᠴᠢ ᠪᠠᠳᠠᠷᠠᠨ᠎ᠠ ᠃ ᠲᠡᠷᠡ ᠬᠡᠵᠢᠶᠡᠳᠡ ᠨᠡᠯᠦᠭᠡᠷ ᠳᠠᠯᠠᠢ ᠰᠢᠭ᠋ ᠠᠮᠢᠳᠤᠷᠠᠯ ᠳᠤᠮᠳᠠ ᠠ᠋ᠴᠠ ᠬᠠᠮᠤᠭ ᠰᠢᠨ᠎ᠡ ᠰᠣᠷᠭᠣᠭ ᠂ ᠰᠠᠢᠨ ᠰᠠᠢᠬᠠᠨ ᠂ ᠤᠳᠬ᠎ᠠ ᠴᠢᠨᠠᠷᠲᠠᠢ ᠂ ᠳᠡᠭᠵᠢᠨ ᠰᠡᠷᠭᠦᠯᠡᠩ ᠵᠦᠢᠯ ᠦ᠋ᠳ ᠢ᠋ ᠠᠵᠢᠭᠴᠢ ᠭᠢᠷᠬᠠᠢ ᠨᠢᠳᠦ ᠪᠡᠷ ᠰᠢᠨᠵᠢᠨ ᠢᠯᠡᠷᠡᠭᠦᠯᠵᠦ ᠂ ᠣᠢ ᠪᠢᠯᠢᠭᠲᠦ ᠴᠡᠭᠡᠵᠢᠨ ᠳ᠋ᠡᠭᠡᠨ ᠲᠤᠩᠭᠠᠨ ᠪᠣᠯᠪᠠᠰᠤᠷᠠᠭᠤᠯᠵᠤ ᠂ ᠰᠢᠳᠢ ᠣᠷᠣᠰᠢᠭᠰᠠᠨ ᠦᠵᠦᠭ ᠢ᠋ᠶ᠋ᠡᠷ ᠢ᠋ᠶ᠋ᠡᠨ ᠬᠡᠯᠬᠢᠨ ᠬᠣᠯᠪᠣᠳᠠᠭ ᠪᠣᠯᠬᠣᠷ ᠪᠢᠴᠢᠭᠳᠡᠭᠰᠡᠨ ᠵᠠᠳᠠᠭᠠᠢ ᠰᠢᠯᠦᠭ ᠨᠢ ᠬᠡᠯᠬᠢᠶ᠎ᠡ ᠬᠡᠯᠬᠢᠶ᠎ᠡ ᠲᠠᠨ᠎ᠠ ᠰᠤᠪᠤᠳ ᠰᠢᠭ᠋ ᠶᠡᠷᠦ ᠪᠤᠰᠤ ᠶ᠋ᠢᠨ ᠭᠡᠷᠡᠯ ᠭᠠᠷᠤᠨ᠎ᠠ ᠃ ᠵᠣᠬᠢᠶᠠᠭᠴᠢ ᠶᠡᠷᠦ ᠡᠴᠡ ᠬᠥᠮᠦᠨ ᠪᠦᠬᠦᠨ ᠦᠵᠡᠳᠡᠭ ᠪᠣᠯᠪᠠᠴᠤ ᠢᠯᠡᠷᠡᠭᠦᠯᠵᠦ ᠴᠢᠳᠠᠬᠤ ᠦᠭᠡᠢ ᠦᠵᠡᠭᠳᠡᠯ ᠢ᠋ ᠂ ᠬᠥᠮᠦᠨ ᠪᠦᠬᠦᠨ ᠪᠣᠳᠣᠳᠠᠭ ᠪᠣᠯᠪᠠᠴᠤ ᠠᠭᠤᠳᠠᠯᠠᠵᠤ ᠴᠢᠳᠠᠬᠤ ᠦᠭᠡᠢ ᠭᠤᠸ᠋᠎ᠠ ᠰᠠᠢᠬᠠᠨ ᠢ᠋ ᠂ ᠬᠥᠮᠦᠨ ᠪᠦᠬᠦᠨ ᠪᠠᠬᠠᠷᠳᠠᠭ ᠪᠣᠯᠪᠠᠴᠤ ᠳᠦᠷᠰᠦᠯᠡᠵᠦ ᠴᠢᠳᠠᠬᠤ ᠦᠭᠡᠢ ᠰᠢᠯᠦᠭ ᠳᠦᠷᠢ ᠶ᠋ᠢ ᠂ ᠬᠥᠮᠦᠨ ᠪᠦᠬᠦᠨ ᠣᠢᠯᠠᠭᠠᠳᠠᠭ ᠪᠣᠯᠪᠠᠴᠤ ᠮᠠᠯᠲᠠᠵᠤ ᠴᠢᠳᠠᠬᠤ ᠦᠭᠡᠢ ᠭᠦᠨ ᠰᠠᠨᠠᠭ᠎ᠠ ᠶ᠋ᠢ ᠴᠥᠮ ᠰᠢᠯᠦᠭᠴᠢ ᠶ᠋ᠢᠨ ᠬᠠᠷᠠᠴᠠ ᠪᠠᠷ ᠠᠵᠢᠭᠯᠠᠵᠤ ᠂ ᠰᠢᠯᠦᠭᠴᠢ ᠶ᠋ᠢᠨ ᠰᠡᠳᠬᠢᠯᠭᠡ ᠪᠡᠷ ᠲᠡᠭᠦᠯᠳᠡᠷᠵᠢᠭᠦᠯᠵᠦ ᠂ ᠰᠢᠯᠦᠭᠴᠢ ᠶ᠋ᠢᠨ ᠠᠪᠢᠶᠠᠰ ᠢ᠋ᠶ᠋ᠠᠷ ᠬᠡᠯᠬᠢᠨ ᠬᠣᠯᠪᠣᠬᠤ ᠳ᠋ᠤ᠌ ᠴᠢᠳᠠᠮᠠᠭᠠᠢ ᠪᠠᠢᠳᠠᠭ ᠃
ᠪ · ᠪᠦᠷᠢᠨᠪᠡᠬᠢ ᠶ᠋ᠢᠨ ᠵᠠᠳᠠᠭᠠᠢ ᠰᠢᠯᠦᠭ ᠦ᠋ᠨ ᠰᠠᠨᠠᠭ᠎ᠠ ᠨᠢ ᠰᠢᠨ᠎ᠡ ᠂ ᠰᠣᠨᠢᠨ ᠂ ᠤᠷᠠᠨ ᠪᠠᠢᠳᠠᠭ ᠬᠡᠯᠡ ᠬᠡᠯᠡᠯᠭᠡ ᠨᠢ ᠢᠷᠠᠭᠤ ᠬᠥᠭᠵᠢᠮᠯᠢᠭ ᠂ ᠤᠷᠤᠰᠤᠮ᠎ᠠ ᠪᠠᠢᠳᠠᠭ᠃ ᠳᠦᠷᠢ ᠳᠦᠷᠰᠦᠯᠡᠯ ᠨᠢ ᠠᠮᠢᠳᠤ ᠂ ᠲᠣᠳᠣᠷᠠᠭᠤᠨ ᠂ ᠳᠤᠯᠠᠭᠠᠬᠠᠨ ᠪᠠᠢᠳᠠᠭ᠃ ᠪᠦᠲᠦᠭᠡᠭᠰᠡᠨ ᠰᠠᠨᠠᠭ᠎ᠠ ᠠᠬᠤᠢ ᠨᠢ ᠢᠮᠠᠭᠲᠠ ᠣᠢᠷ᠎ᠠ ᠶ᠋ᠢ ᠦᠵᠡᠭᠦᠯᠦᠭᠡᠳ ᠬᠣᠯᠠ ᠶ᠋ᠢ ᠪᠣᠳᠣᠭᠤᠯᠳᠠᠭ ᠂ ᠡᠭᠦᠨ ᠢ᠋ ᠦᠵᠡᠭᠦᠯᠦᠭᠡᠳ ᠲᠡᠭᠦᠨ ᠊ᠢ ᠰᠡᠳᠬᠢᠭᠦᠯᠳᠡᠭ᠂ ᠬᠡᠯᠪᠡᠷᠢ ᠠᠪᠰᠠᠷᠬᠠᠨ ᠂ ᠪᠦᠲᠦᠴᠡ ᠨᠢᠭᠲᠠ ᠂ ᠵᠣᠬᠢᠶᠠᠮᠵᠢ ᠵᠢᠭᠳᠡ᠂ ᠥᠩᠭᠡ ᠥᠳᠬᠡᠨ ᠂ ᠦᠨᠦᠷ ᠬᠠᠩᠬᠤᠯᠤᠭᠤᠨ ᠰᠠᠨᠠᠭ᠎ᠠ ᠤᠷᠠᠨ ᠂ ᠰᠡᠳᠬᠢᠮᠵᠢ ᠤᠷᠠᠨ ᠂ ᠦᠵᠡᠮᠵᠢ ᠭᠣᠶᠣ ᠂ ᠦᠭᠡ ᠭᠣᠶᠣ ᠃ ᠪᠤᠴᠠᠯᠤᠮ᠎ᠠ ᠬᠠᠢᠷ᠎ᠠ ᠪᠢᠯᠬᠠᠮ᠎ᠠ ᠰᠡᠳᠬᠢᠯᠭᠡ ᠲᠡᠢ ᠂ ᠠᠢᠵᠠᠮ ᠴᠣᠬᠢᠯᠭ᠎ᠠ ᠵᠢᠭᠳᠡ ᠲᠡᠭᠰᠢ ᠂ ᠠᠶᠠᠰ ᠬᠥᠭ ᠥᠷᠨᠢᠭᠦᠨ ᠳᠡᠭᠵᠢᠨ ᠪᠠᠢᠳᠠᠭ᠃ ᠰᠢᠯᠦᠭᠴᠢᠨ ᠪᠣᠯ ᠶᠡᠷᠦ ᠡᠴᠡ ᠦᠵᠡᠯ ᠰᠠᠨᠠᠭᠠᠨ ᠤ᠋ ᠵᠥᠪ ᠡᠷᠬᠢᠮ ᠂ ᠬᠠᠢᠷ᠎ᠠ ᠰᠡᠳᠬᠢᠯᠭᠡ ᠶ᠋ᠢᠨ ᠡᠷᠡᠭᠦᠯ ᠪᠤᠴᠠᠯᠤᠮ᠎ᠠ ᠂ ᠥᠩᠭᠡ ᠪᠣᠳᠣᠭ ᠤ᠋ᠨ ᠥᠳᠬᠡᠨ ᠵᠤᠵᠠᠭᠠᠨ ᠂ ᠠᠢᠵᠠᠮ ᠴᠣᠬᠢᠯᠭ᠎ᠠ ᠶ᠋ᠢᠨ ᠢᠷᠠᠭᠤ ᠬᠥᠭᠵᠢᠮᠯᠢᠭ ᠂ ᠦᠭᠡ ᠬᠡᠯᠡᠯᠭᠡ ᠶ᠋ᠢᠨ ᠪᠠᠶᠠᠯᠢᠭ ᠤᠷᠠᠨ ᠂ ᠰᠠᠨᠠᠭ᠎ᠠ ᠠᠬᠤᠢ ᠶ᠋ᠢᠨ ᠠᠯᠤᠰ ᠭᠦᠨ ᠂ ᠳᠦᠷᠢ ᠳᠦᠷᠰᠦᠯᠡᠯ ᠦ᠋ᠨ ᠬᠠᠴᠢᠨ ᠭᠣᠢᠳᠠ ᠶ᠋ᠢ ᠬᠥᠭᠡᠭᠡᠴᠡᠯᠳᠦᠳᠡᠭ ᠃ ᠲᠡᠭᠦᠨ ᠦ᠌ ᠵᠠᠳᠠᠭᠠᠢ ᠰᠢᠯᠦᠭ ᠵᠠᠵᠢᠯᠬᠤ ᠶ᠋ᠢ ᠳᠠᠭᠠᠭᠠᠨ᠎ᠠ ᠂ ᠲᠡᠭᠦᠨ ᠦ᠌ ᠵᠠᠳᠠᠭᠠᠢ ᠰᠢᠯᠦᠭ ᠢ᠋ ᠬᠠᠭᠤᠳᠠᠰᠤ ᠳᠡᠯᠭᠡᠭᠡᠳ ᠤᠩᠰᠢᠪᠠᠯ ᠨᠢᠳᠦ ᠳᠦᠭᠦᠷᠡᠩ ᠳᠦᠷᠢ ᠳᠦᠷᠰᠦᠯᠡᠯ ᠂ ᠬᠠᠭᠤᠳᠠᠰᠤ ᠪᠠᠨ ᠳᠠᠷᠤᠭᠠᠳ ᠰᠡᠳᠬᠢᠪᠡᠯ ᠴᠡᠭᠡᠵᠢ ᠳᠦᠭᠦᠷᠡᠩ ᠬᠥᠷᠥᠭ ᠵᠢᠷᠤᠭ ᠃ ᠲᠡᠭᠦᠨ ᠦ᠌ ᠪᠢᠴᠢᠭᠰᠡᠨ ᠠᠩᠬᠠᠨ ᠤ᠋ ᠬᠡᠳᠦᠨ ᠵᠠᠳᠠᠭᠠᠢ ᠰᠢᠯᠦᠭ ᠪᠣᠯᠬᠤ 《 ᠡᠪᠦᠯ ᠦ᠋ᠨ ᠳᠣᠲᠣᠷ᠎ᠠ ᠬᠠᠪᠤᠷ 》 ᠭᠡᠰᠡᠨ ᠵᠣᠬᠢᠶᠠᠯ ᠪᠣᠯ ᠨᠢᠭᠡᠨ ᠴᠠᠭ ᠦᠶ᠎ᠡ ᠂ ᠨᠢᠭᠡᠨ ᠤᠯᠤᠰ ᠦᠨᠳᠦᠰᠦᠲᠡᠨ ᠦ᠌ ᠤᠷᠤᠭᠰᠢᠯᠠᠯᠲᠠ ᠲᠠᠪᠰᠢᠯᠲᠠ ᠶ᠋ᠢᠨ ᠤᠯᠠ ᠮᠥᠷ ᠢ᠋ ᠦᠨᠡᠨ ᠪᠣᠳᠠᠲᠠᠢ ᠪᠠᠷ ᠲᠡᠮᠳᠡᠭᠯᠡᠨ ᠲᠤᠰᠬᠠᠭᠰᠠᠨ ᠪᠠᠢᠨ᠎ᠠ᠃《 ᠠᠯᠲᠠᠨ ᠰᠢᠷᠭᠠᠯ ᠡᠭᠦᠯᠡ 》 《 ᠥᠷᠯᠥᠭᠡ ᠶ᠋ᠢᠨ ᠢᠨᠢᠶᠡᠮᠰᠦᠭᠯᠡᠯ 》《 ᠯᠢᠩᠪᠦ ᠶ᠋ᠢᠨ ᠳᠠᠭᠤᠨ 》 ᠪᠣᠯ ᠲᠠᠯ᠎ᠠ ᠨᠤᠲᠤᠭ ᠤ᠋ᠨ ᠲᠠᠩᠰᠤᠭ ᠠᠮᠢᠳᠤᠷᠠᠯ ᠤ᠋ᠨ ᠲᠤᠬᠠᠢ ᠵᠢᠵᠢᠭ ᠦᠵᠡᠭᠳᠡᠯ ᠦ᠋ᠳ ᠪᠣᠯᠤᠨ᠎ᠠ ᠂ ᠡᠳᠡᠭᠡᠷ ᠵᠣᠬᠢᠶᠠᠯ ᠳ᠋ᠤ᠌ ᠲᠠᠯ᠎ᠠ ᠨᠤᠲᠤᠭ ᠤ᠋ᠨ ᠦᠨᠦᠷ ᠬᠠᠩᠬᠤᠯᠵᠤ ᠂ ᠲᠠᠷᠠᠭ ᠠᠢᠷᠠᠭ ᠤ᠋ᠨ ᠠᠮᠲᠠ ᠠᠮᠲᠠᠭᠳᠠᠨ᠎ᠠ ᠃ 《ᠯᠢᠩᠪᠦ ᠶ᠋ᠢᠨ ᠳᠠᠭᠤᠨ 》 ᠪᠣᠯ ᠨᠠᠷᠢᠨ ᠪᠦᠲᠦᠴᠡ ᠨᠢᠮᠪᠠᠢ ᠬᠢᠴᠡᠲᠦ ᠤᠷᠠᠯᠢᠭ ᠤ᠋ᠨ ᠡᠳ᠋ ᠪᠣᠯᠤᠨ᠎ᠠ ᠂ ᠬᠡᠯᠪᠡᠷᠢ ᠮᠠᠶᠢᠬ ᠵᠢᠭᠳᠡ ᠲᠡᠭᠰᠢ ᠪᠠᠢᠵᠤ᠂ ᠡᠬᠢᠯᠡᠯᠲᠡ ᠲᠡᠭᠦᠰᠬᠡᠯ ᠢ᠋ ᠡᠪᠯᠢᠭ ᠬᠣᠯᠪᠣᠵᠤ ᠂ ᠤᠷᠠᠨ ᠰᠠᠨᠠᠭᠠᠨ ᠤ᠋ ᠳᠠᠯᠠᠪᠴᠢ ᠪᠠᠨ ᠬᠠᠯᠢᠨ ᠨᠢᠰᠬᠡᠵᠡᠢ ᠃ ᠪ · ᠪᠦᠷᠢᠨᠪᠡᠬᠢ ᠶ᠋ᠢᠨ ᠵᠠᠳᠠᠭᠠᠢ ᠰᠢᠯᠦᠭ ᠦ᠋ᠨ ᠳᠣᠲᠣᠷ᠎ᠠ ᠮᠢᠨᠦ ᠪᠠᠬᠠᠷᠳᠠᠭ ᠨᠢ ᠪᠣᠯ 《 ᠮᠥᠩᠭᠥᠨ ᠳᠡᠯᠡᠬᠡᠢ ᠶ᠋ᠢᠨ ᠡᠵᠡᠳ 》 ᠪᠣᠯᠤᠨ᠎ᠠ ᠂ ᠡᠨᠡ ᠪᠣᠯ ᠮᠣᠩᠭᠣᠯᠴᠤᠳ ᠤ᠋ᠨ ᠠᠬᠤᠢ ᠠᠮᠢᠳᠤᠷᠠᠯ ᠤ᠋ᠨ ᠬᠡᠪ ᠵᠠᠩᠰᠢᠯ ᠤ᠋ᠨ ᠲᠤᠬᠠᠢ ᠰᠡᠷᠭᠦᠯᠡᠩ ᠳᠡᠭᠵᠢᠨ ᠵᠢᠷᠤᠭ ᠠᠵᠢ ᠂ ᠲᠤᠰ ᠵᠣᠬᠢᠶᠠᠯ ᠤ᠋ᠨ ᠳᠦᠷᠰᠦᠯᠡᠯ ᠵᠢᠷᠤᠭᠯᠠᠯ ᠤᠷᠠᠨ ᠭᠣᠶᠣ ᠂ ᠦᠵᠡᠮᠵᠢ ᠪᠠᠢᠳᠠᠯ ᠢᠷᠠᠭᠤ ᠰᠠᠢᠬᠠᠨ ᠂ ᠬᠡᠭᠡᠷ᠎ᠡ ᠲᠠᠯ᠎ᠠ ᠶ᠋ᠢᠨ ᠠᠭᠤᠷ ᠠᠮᠢᠰᠬᠤᠯ ᠢ᠋ᠶ᠋ᠠᠷ ᠪᠢᠯᠬᠠᠮ᠎ᠠ ᠂ ᠲᠠᠯ᠎ᠠ ᠨᠤᠲᠤᠭ ᠤ᠋ᠨ ᠠᠮᠤᠷ ᠲᠦᠪᠰᠢᠨ ᠠᠵᠤ ᠠᠮᠢᠳᠤᠷᠠᠯ ᠢ᠋ ᠲᠤᠰᠬᠠᠨ ᠂ ᠲᠠᠯ᠎ᠠ ᠶ᠋ᠢᠨ ᠠᠩᠴᠢᠳ ᠤ᠋ᠨ ᠠᠵᠢᠯᠴᠢ ᠬᠥᠳᠡᠯᠮᠦᠷᠢᠴᠢ ᠵᠠᠩ ᠴᠢᠨᠠᠷ ᠢ᠋ ᠲᠡᠮᠳᠡᠭᠯᠡᠵᠦ ᠂ ᠲᠠᠯ᠎ᠠ ᠶ᠋ᠢᠨ ᠠᠩᠴᠢᠳ ᠪᠣᠯ ᠰᠠᠶᠢ ᠮᠥᠩᠭᠥᠨ ᠳᠡᠯᠡᠬᠡᠢ ᠶ᠋ᠢᠨ ᠵᠢᠩᠬᠢᠨᠢ ᠡᠵᠡᠨ ᠨᠢ ᠮᠥᠨ ᠭᠡᠰᠡᠨ ᠰᠠᠨᠠᠭ᠎ᠠ ᠶ᠋ᠢ ᠦᠵᠡᠭᠦᠯᠪᠡ ᠃ ᠡᠨᠡ ᠪᠣᠯ ᠂ ᠪ· ᠪᠦᠷᠢᠨᠪᠡᠬᠢ ᠨᠥᠬᠥᠷ ᠦ᠋ᠨ ᠵᠠᠳᠠᠭᠠᠢ ᠰᠢᠯᠦᠭ ᠦ᠋ᠨ ᠠᠮᠵᠢᠯᠲᠠ ᠶ᠋ᠢ ᠪᠦᠷᠢᠨ ᠳᠤᠰᠬᠠᠵᠤ ᠴᠢᠳᠠᠬᠤᠢᠴᠠ ᠵᠣᠬᠢᠶᠠᠯ ᠶᠤᠮ ᠂ ᠲᠤᠰ ᠵᠣᠬᠢᠶᠠᠯ ᠳᠡᠭᠡᠷ᠎ᠡ ᠵᠣᠬᠢᠶᠠᠭᠴᠢ ᠶ᠋ᠢᠨ ᠠᠪᠢᠶᠠᠰ ᠴᠢᠳᠠᠪᠤᠷᠢ ᠂ ᠥᠪᠡᠷᠮᠢᠴᠡ ᠣᠨᠴᠠᠯᠢᠭ ᠪᠠ ᠮᠠᠴᠤᠵᠤ ᠬᠦᠷᠦᠭᠰᠡᠨ ᠤᠷᠠᠯᠢᠭ ᠤ᠋ᠨ ᠬᠡᠮᠵᠢᠶ᠎ᠡ ᠶ᠋ᠢ ᠲᠥᠪᠯᠡᠷᠡᠩᠭᠦᠢ ᠲᠤᠰᠬᠠᠵᠠᠢ ᠃ 《ᠵᠢᠷᠦᠬᠡᠨ ᠦ᠌ ᠰᠤᠳᠠᠰᠤ 》 ᠭᠡᠰᠡᠨ ᠵᠣᠬᠢᠶᠠᠯ ᠤ᠋ᠨ ᠬᠡᠯᠡᠯᠭᠡ ᠭᠣᠶᠣ ᠂ ᠠᠮᠢᠳᠤ ᠴᠣᠪᠣᠭᠣᠯᠢᠭ ᠠᠮᠢᠰᠬᠤᠯ ᠢ᠋ᠶ᠋ᠠᠷ ᠪᠢᠯᠬᠠᠮ᠎ᠠ ᠲᠤᠯᠠ ᠬᠥᠮᠦᠰ ᠲᠦ᠍ ᠪᠠᠶᠠᠷ ᠴᠡᠩᠭᠡᠯ ᠢ᠋ ᠠᠪᠴᠢᠷᠠᠵᠤ ᠥᠭᠭᠦᠨ᠎ᠡ ᠃ 《 ᠲᠣᠯᠢ 》ᠭᠡᠰᠡᠨ ᠵᠣᠬᠢᠶᠠᠯ ᠪᠣᠯ ᠴᠥᠭᠥᠷᠥᠮ ᠦ᠋ᠨ ᠬᠠᠪᠤᠷ ᠵᠤᠨ ᠨᠠᠮᠤᠷ ᠡᠪᠦᠯ ᠦ᠋ᠨ ᠥᠷᠯᠥᠭᠡ ᠂ ᠦᠳᠡ ᠂ ᠦᠳᠡᠰᠢ ᠶ᠋ᠢᠨ ᠦᠵᠡᠮᠵᠢ ᠶ᠋ᠢ ᠣᠢ ᠲᠣᠢ ᠳ᠋ᠤᠨᠢ ᠣᠷᠣᠲᠠᠯ᠎ᠠ ᠵᠢᠷᠤᠭᠯᠠᠨ ᠦᠵᠡᠭᠦᠯᠵᠦ ᠂ ᠦᠵᠡᠮᠵᠢ ᠵᠢᠷᠤᠭ ᠤ᠋ᠨ ᠳᠣᠲᠣᠷ᠎ᠠ ᠦᠵᠡᠯ ᠰᠡᠳᠬᠢᠯᠭᠡ ᠪᠡᠨ ᠰᠢᠩᠭᠡᠭᠡᠭᠰᠡᠨ ᠪᠠᠢᠨ᠎ᠠ᠃ ᠬᠠᠷᠢᠨ 《 ᠠᠯᠢᠮ᠎ᠠ 》 ᠭᠡᠰᠡᠨ ᠵᠣᠬᠢᠶᠠᠯ ᠪᠣᠯ ᠂ ᠪ · ᠪᠦᠷᠢᠨᠪᠡᠬᠢ ᠶ᠋ᠢᠨ ᠵᠠᠳᠠᠭᠠᠢ ᠰᠢᠯᠦᠭ ᠦ᠋ᠨ ᠳᠣᠲᠣᠷ᠎ᠠ ᠪᠠᠬᠠᠨ ᠰᠤᠯᠠ ᠵᠣᠬᠢᠶᠠᠯ ᠪᠣᠯᠬᠤ ᠶᠤᠮ ᠂ ᠰᠤᠯᠠ ᠪᠣᠯᠤᠭᠰᠠᠨ ᠤ᠋ ᠰᠢᠯᠲᠠᠭᠠᠨ ᠨᠢ ᠥᠭᠦᠯᠡᠭᠰᠡᠨ ᠰᠢᠯᠦᠭ ᠦ᠋ᠨ ᠣᠨᠴᠠᠯᠢᠭ ᠨᠢ ᠵᠠᠳᠠᠭᠠᠢ ᠰᠢᠯᠦᠭ ᠦ᠋ᠨ ᠣᠨᠴᠠᠯᠢᠭ ᠠ᠋ᠴᠠ ᠬᠡᠲᠦᠷᠡᠭᠰᠡᠨ ᠳ᠋ᠦ᠍ ᠣᠷᠣᠰᠢᠨ᠎ᠠ ᠭᠡᠵᠦ ᠰᠠᠨᠠᠳᠠᠭ ᠃ ᠪ · ᠪᠦᠷᠢᠨᠪᠡᠬᠢ ᠨᠥᠬᠥᠷ ᠪᠣᠯ ᠵᠠᠳᠠᠭᠠᠢ ᠰᠢᠯᠦᠭ ᠦ᠋ᠨ ᠦᠷ᠎ᠡ ᠵᠢᠮᠢᠰ ᠢ᠋ ᠲᠠᠯ᠎ᠠ ᠨᠤᠲᠤᠭ ᠲᠤ᠌ ᠲᠠᠷᠢᠭᠰᠠᠨ ᠴᠡᠴᠡᠷᠯᠢᠭᠴᠢ ᠮᠥᠨ ᠂ ᠪᠠᠭᠰᠢ ᠮᠥᠨ᠂ ᠲᠡᠭᠦᠨ ᠦ᠌ ᠪᠢᠴᠢᠭᠰᠡᠨ ᠵᠠᠳᠠᠭᠠᠢ ᠰᠢᠯᠦᠭ ᠡᠦᠲᠦ ᠳ᠋ᠦ᠍ ᠲᠤᠯᠲᠠᠯ᠎ᠠ ᠬᠡᠪ ᠳᠠᠭᠤᠷᠢᠶᠠᠯ ᠪᠣᠯᠤᠭᠰᠠᠭᠠᠷ ᠪᠠᠢᠨ᠎ᠠ ᠃ ᠬᠠᠷᠠᠮᠰᠠᠯᠲᠠᠢ ᠨᠢ ᠶ᠋ᠢᠨ · ᠪᠦᠷᠢᠨᠪᠡᠬᠢ ᠨᠥᠬᠥᠷ ᠦ᠋ᠨ ᠵᠠᠳᠠᠭᠠᠢ ᠰᠢᠯᠦᠭ ᠦ᠋ᠨ ᠲᠣᠭ᠎ᠠ ᠨᠢ ᠳᠠᠩᠴᠤ ᠴᠥᠭᠡᠨ ᠤᠴᠢᠷ ᠠ᠋ᠴᠠ ᠠᠮᠲᠠᠯᠠᠭᠤᠯᠤᠭᠠᠳ ᠲᠠᠯᠪᠢᠭᠰᠠᠨ ᠪᠣᠯᠪᠠᠴᠤ ᠴᠠᠳᠬᠠᠭᠰᠠᠨ ᠦᠭᠡᠢ ᠪᠢᠯᠡ ᠃
ᠮ · ᠠᠰᠠᠷ ᠨᠥᠬᠥᠷ ᠦ᠋ᠨ ᠵᠠᠳᠠᠭᠠᠢ ᠰᠢᠯᠦᠭ ᠦ᠋ᠨ ᠳᠣᠲᠣᠷ᠎ᠠ 《 ᠠᠳᠤᠭᠤᠴᠢᠨ ᠪᠦᠷᠭᠦᠳ 》᠂《 ᠬᠠᠢᠷ᠎ᠠ ᠶ᠋ᠢᠨ ᠣᠴᠢ 》 ᠭᠡᠰᠡᠨ ᠮᠥᠴᠡᠯᠭᠡ ᠰᠢᠯᠦᠭ ᠦ᠋ᠨ ᠳᠣᠲᠣᠷᠠᠬᠢ 《 ᠨᠤᠲᠤᠭ ᠤ᠋ᠨ ᠰᠠᠯᠬᠢ 》 ᠂ 《 ᠨᠤᠲᠤᠭ ᠤ᠋ᠨ ᠡᠪᠡᠰᠦ 》 ᠂《ᠴᠠᠰᠤᠨ ᠠ᠋ᠴᠠ ᠰᠢᠯᠦᠭ 》 ᠭᠡᠰᠡᠨ ᠮᠥᠴᠡᠯᠭᠡ ᠰᠢᠯᠦᠭ ᠳᠣᠲᠣᠷᠠᠬᠢ 《 ᠪᠣᠷᠣᠭᠠᠨ ᠪᠠ ᠴᠠᠰᠤ 》 ᠵᠡᠷᠭᠡ ᠵᠣᠬᠢᠶᠠᠯ ᠪᠣᠯ ᠦᠵᠡᠯ ᠰᠠᠨᠠᠭ᠎ᠠ ᠬᠥᠮᠦᠵᠢᠯ ᠦ᠋ᠨ ᠠᠭᠤᠯᠭ᠎ᠠ ᠪᠠᠷ ᠭᠦᠨ ᠂ ᠤᠷᠠᠨ ᠳᠦᠷᠰᠦᠯᠡᠯ ᠤᠷᠠᠯᠢᠭ ᠤ᠋ᠨ ᠬᠡᠯᠪᠡᠷᠢ ᠪᠡᠷ ᠭᠣᠶᠣ ᠵᠣᠬᠢᠶᠠᠯ ᠪᠣᠯᠤᠨ᠎ᠠ ᠃ 《 ᠠᠳᠤᠭᠤᠴᠢᠨ ᠪᠦᠷᠭᠦᠳ 》 ᠭᠡᠰᠡᠨ ᠵᠣᠬᠢᠶᠠᠯ ᠪᠣᠯ ᠠᠭᠲᠠ ᠬᠦᠯᠦᠭ ᠪᠠ ᠠᠳᠤᠭᠤᠴᠢᠨ ᠵᠠᠯᠠᠭᠤ ᠶ᠋ᠢᠨ ᠲᠤᠬᠠᠢ ᠨᠠᠢᠷᠠᠯ ᠬᠥᠭᠵᠢᠮ ᠪᠣᠯᠤᠨ᠎ᠠ ᠂ ᠠᠳᠤᠭᠤᠴᠢᠨ ᠤ᠋ ᠨᠢᠭᠡ ᠡᠳᠦᠷ ᠦ᠋ᠨ ᠬᠥᠳᠡᠯᠮᠦᠷᠢ ᠠᠮᠢᠳᠤᠷᠠᠯ ᠢ᠋ ᠲᠡᠮᠳᠡᠭᠯᠡᠨ ᠵᠢᠷᠤᠭᠯᠠᠬᠤ ᠪᠠᠷ ᠳᠠᠮᠵᠢᠭᠤᠯᠤᠨ ᠮᠣᠩᠭᠣᠯ ᠮᠠᠯᠴᠢᠨ ᠤ᠋ ᠡᠷᠡᠯᠬᠡᠭ ᠪᠠᠭᠠᠲᠤᠷᠯᠢᠭ ᠂ ᠰᠦᠷ ᠵᠢᠪᠬᠤᠭ᠎ᠠ ᠲᠠᠢ ᠂ ᠪᠤᠰᠢᠭᠤ ᠱᠠᠯᠠᠮᠠᠭᠠᠢ ᠂ ᠠᠵᠢᠯ ᠳ᠋ᠠᠭᠠᠨ ᠳᠠᠳᠮᠠᠭᠠᠢ ᠂ ᠬᠥᠳᠡᠯᠮᠦᠷᠢ ᠳ᠋ᠦ᠍ ᠰᠢᠭᠤᠷᠬᠠᠢ ᠂ ᠬᠤᠭᠤᠷᠠᠪᠠᠴᠤ ᠨᠤᠭᠤᠷᠠᠬᠤ ᠦᠭᠡᠢ ᠡᠷᠡᠰ ᠴᠢᠩᠭ᠎ᠠ ᠂ ᠬᠡᠵᠢᠶᠡᠳᠡ ᠭᠤᠢᠪᠢᠰᠢ ᠦᠭᠡᠢ ᠬᠠᠲᠠᠭᠤ ᠵᠣᠷᠢᠭ ᠢ᠋ ᠨᠢ ᠮᠠᠭᠲᠠᠨ ᠳᠠᠭᠤᠯᠠᠪᠠ ᠃ ᠵᠣᠬᠢᠶᠠᠯ ᠤ᠋ᠨ ᠬᠡᠯᠡ ᠬᠡᠯᠡᠯᠭᠡ ᠢᠷᠠᠭᠤ ᠤᠷᠤᠰᠤᠮ᠎ᠠ ᠂ ᠳᠦᠷᠢ ᠳᠦᠷᠰᠦᠯᠡᠯ ᠲᠣᠳᠣ ᠳᠣᠪᠣᠭᠣᠷ ᠭᠡᠪᠡᠴᠦ ᠤᠷᠠᠨ ᠰᠠᠨᠠᠭ᠎ᠠ ᠪᠠᠷ ᠪᠠᠷᠤᠭᠲᠠᠢ ᠂ ᠪᠠᠭᠲᠠᠭᠠᠮᠵᠢ ᠳᠤᠯᠢᠬᠠᠨ ᠪᠣᠯᠵᠠᠢ ᠃ ᠲᠡᠢᠮᠦ ᠡᠴᠡ ᠤᠩᠰᠢᠨ ᠰᠠᠭᠤᠬᠤ ᠳ᠋ᠤ᠌ ᠣᠪᠣᠭ᠎ᠠ ᠪᠠᠬᠠᠲᠠᠢ ᠂ ᠬᠡᠯᠡᠨ ᠳ᠋ᠦ᠍ ᠰᠢᠯᠤᠭᠤᠬᠠᠨ ᠂ ᠨᠢᠳᠦᠨ ᠳ᠋ᠦ᠍ ᠲᠠᠭᠠᠲᠠᠢ ᠪᠣᠯᠪᠠᠴᠤ ᠰᠡᠳᠬᠢᠭᠦᠯᠵᠦ ᠪᠤᠳᠤᠭᠤᠯᠬᠤ ᠵᠦᠢᠯ ᠲᠡᠢᠮᠦ ᠣᠯᠠᠨ ᠪᠢᠰᠢ ᠃ 《 ᠨᠤᠲᠤᠭ ᠤ᠋ᠨ ᠰᠠᠯᠬᠢ 》᠂《 ᠨᠤᠲᠤᠭ ᠤ᠋ᠨ ᠡᠪᠡᠰᠦ》᠂《 ᠪᠣᠷᠣᠭᠠᠨ ᠪᠠ ᠴᠠᠰᠤ》 ᠵᠡᠷᠭᠡ ᠵᠣᠬᠢᠶᠠᠯ ᠪᠣᠯ ᠴᠥᠮ ᠪᠠᠢᠭᠠᠯᠢ ᠦᠵᠡᠮᠵᠢ ᠶ᠋ᠢᠨ ᠬᠡᠰᠡᠭ ᠦᠵᠡᠭᠳᠡᠯ ᠢ᠋ ᠳᠤᠰᠬᠠᠨ ᠳᠦᠷᠰᠦᠯᠡᠬᠦ ᠪᠡᠷ ᠳᠠᠮᠵᠢᠭᠤᠯᠤᠨ ᠵᠣᠬᠢᠶᠠᠭᠴᠢ ᠦᠵᠡᠯ ᠰᠠᠨᠠᠭᠠᠨ ᠤ᠋ ᠲᠠᠯ᠎ᠠ ᠪᠠᠷ ᠤᠯᠠᠮ ᠨᠢᠭᠡ ᠠᠯᠬᠤᠮ ᠮᠠᠯᠲᠠᠵᠤ ᠂ ᠲᠡᠭᠦᠨ ᠦ ᠴᠠᠭᠠᠨ᠎ᠠ ᠨᠢᠭᠤᠭᠳᠠᠵᠤ ᠪᠠᠢᠭ᠎ᠠ ᠭᠦᠨ ᠤᠬᠠᠭᠠᠨ ᠤ᠋ ᠶᠣᠭᠲᠠ ᠤᠳᠬ᠎ᠠ ᠶ᠋ᠢ ᠮᠠᠯᠲᠠᠨ ᠭᠠᠷᠭᠠᠵᠤ ᠂ ᠬᠥᠮᠦᠰ ᠲᠦ᠍ ᠰᠤᠷᠭᠠᠯ ᠬᠥᠮᠦᠵᠢᠯ ᠪᠣᠯᠭᠠᠬᠤ ᠵᠣᠷᠢᠯᠭ᠎ᠠ ᠳ᠋ᠠᠭᠠᠨ ᠬᠦᠷᠭᠡᠭᠰᠡᠨ ᠶᠦ᠍ᠮ᠃ ᠵᠣᠬᠢᠶᠠᠭᠴᠢ ᠶ᠋ᠢᠨ ᠪᠢᠴᠢᠭᠰᠡᠨ 《 ᠠᠮᠢᠲᠠᠨ ᠤ᠋ ᠵᠦᠢᠯ 》 ᠭᠡᠳᠡᠭ ᠵᠠᠳᠠᠭᠠᠢ ᠰᠢᠯᠦᠭ ᠪᠣᠯ ᠶᠣᠭᠲᠠᠯᠠᠯ ᠶᠥᠭᠡᠳᠡᠯ ᠠᠮᠢᠳᠤᠴᠢᠯᠠᠯ ᠤ᠋ᠨ ᠠᠷᠭ᠎ᠠ ᠪᠠᠷ ᠮᠥᠨ ᠯᠡ ᠭᠦᠨ ᠤᠬᠠᠭᠠᠨ ᠤ᠋ ᠶᠣᠰᠣ ᠤᠴᠢᠷ ᠢ᠋ ᠰᠤᠷᠲᠠᠯᠴᠢᠯᠠᠵᠤ ᠬᠥᠮᠦᠰ ᠲᠦ᠍ ᠴᠡᠭᠡᠷ ᠰᠤᠷᠭᠠᠮᠵᠢ ᠦᠭᠭᠦᠭᠰᠡᠨ ᠪᠠᠢᠳᠠᠭ ᠃
ᠴ · ᠮᠡᠷᠭᠡᠨ ᠦ᠌ ᠵᠠᠳᠠᠭᠠᠢ ᠰᠢᠯᠦᠭ ᠪᠣᠯ ᠥᠪᠡᠷᠮᠢᠴᠡ ᠣᠨᠴᠠᠯᠢᠭ ᠲᠠᠢ ᠥᠪᠡᠷ ᠦ᠋ᠨ ᠬᠡᠪ ᠲᠡᠢ ᠪᠠᠢᠳᠠᠭ ᠂ ᠲᠡᠭᠦᠨ ᠦ᠌ ᠵᠠᠳᠠᠭᠠᠢ ᠰᠢᠯᠦᠭ ᠨᠢ ᠢᠮᠠᠭᠲᠠ ᠶᠠᠮᠠᠷ ᠨᠢᠭᠡᠨ ᠪᠠᠢᠭᠠᠯᠢ ᠪᠣᠳᠠᠰ ᠢ᠋ ᠰᠢᠯᠢᠨ ᠰᠣᠩᠭᠣᠵᠤ ᠂ ᠲᠡᠭᠦᠨ ᠦ᠌ ᠮᠥᠨ ᠴᠢᠨᠠᠷ ᠤ᠋ᠨ ᠣᠨᠴᠠᠯᠢᠭ ᠰᠢᠨᠵᠢ ᠶ᠋ᠢ ᠨᠢ ᠳᠣᠪᠣᠢᠯᠭᠠᠨ ᠲᠣᠯᠢᠳᠠᠵᠤ ᠂ ᠬᠥᠮᠦᠨ ᠦ᠌ ᠣᠷᠴᠢᠯᠠᠩ ᠤ᠋ᠨ ᠶᠠᠮᠠᠷ ᠨᠢᠭᠡᠨ ᠭᠦᠨ ᠤᠬᠠᠭᠠᠨ ᠤ᠋ ᠶᠣᠰᠣ ᠤᠴᠢᠷ ᠢ᠋ ᠳᠡᠯᠭᠡᠨ ᠦᠵᠡᠭᠦᠯᠵᠦ ᠂ ᠬᠥᠮᠦᠰ ᠲᠦ᠍ ᠴᠡᠭᠡᠷ ᠰᠤᠷᠭᠠᠯ ᠪᠣᠯᠳᠠᠭ ᠪᠠᠢᠨ᠎ᠠ ᠃ ᠲᠡᠭᠦᠨ ᠦ᠌ ᠵᠠᠳᠠᠭᠠᠢ ᠰᠢᠯᠦᠭ ᠦ᠋ᠨ ᠣᠯᠠᠩᠬᠢ ᠨᠢ ᠭᠠᠭᠴᠠ ᠪᠣᠳᠠᠰ ᠂ ᠭᠠᠭᠴᠠ ᠰᠠᠨᠠᠭ᠎ᠠ ᠂ ᠭᠠᠭᠴᠠ ᠥᠭᠦᠯᠡᠪᠦᠷᠢ ᠪᠡᠷ ᠪᠦᠲᠦᠵᠡᠢ ᠂ ᠲᠡᠢᠮᠦ ᠡᠴᠡ ᠦᠵᠡᠯ ᠰᠠᠨᠠᠭ᠎ᠠ ᠲᠥᠪᠯᠡᠷᠡᠩᠭᠦᠢ ᠂ ᠳᠦᠷᠢ ᠳᠦᠷᠰᠦᠯᠡᠯ ᠬᠤᠷᠢᠶᠠᠩᠭᠤᠢ ᠂ ᠪᠦᠲᠦᠴᠡ ᠬᠡᠯᠪᠡᠷᠢ ᠨᠢ ᠣᠬᠣᠷ ᠠᠪᠰᠠᠷᠬᠠᠨ ᠂ ᠠᠭᠤᠯᠭ᠎ᠠ ᠰᠠᠨᠠᠭ᠎ᠠ ᠨᠢ ᠠᠯᠤᠰ ᠭᠦᠨ ᠪᠠᠢᠳᠠᠭ ᠪᠢᠯᠡ ᠃
ᠲᠣ᠋ · ᠳᠡᠯᠭᠡᠷᠰᠠᠩ ᠤ᠋ᠨ ᠵᠠᠳᠠᠭᠠᠢ ᠰᠢᠯᠦᠭ ᠠᠯᠬᠤᠮ ᠨᠢ ᠪᠠᠲᠤ ᠂ᠰᠠᠭᠤᠷᠢ ᠨᠢ ᠯᠠᠪᠳᠠᠭᠤᠨ ᠂ ᠰᠢᠯᠦᠭ ᠪᠣᠯᠭᠠᠨ ᠨᠢ ᠂ ᠥᠭᠦᠯᠡᠪᠦᠷᠢ ᠪᠦᠬᠦᠨ ᠨᠢ ᠨᠠᠷᠢᠨ ᠪᠣᠳᠣᠯᠬᠢᠯᠠᠵᠤ ᠨᠢᠮᠪᠠᠢ ᠲᠤᠩᠭᠠᠨ ᠪᠠᠢᠵᠤ ᠪᠢᠴᠢᠭᠯᠡᠭᠰᠡᠨ ᠨᠢ ᠢᠯᠡᠷᠬᠡᠢ ᠃ ᠪᠦᠲᠦᠴᠡ ᠨᠢ ᠵᠢᠭᠳᠡ ᠂ ᠳᠦᠷᠰᠦᠯᠡᠯ ᠦᠨᠡᠨ ᠂ ᠰᠡᠳᠬᠢᠯᠭᠡ ᠴᠠᠭᠠᠪᠤᠷ ᠂ ᠬᠤᠳᠠᠯ ᠬᠠᠭᠤᠮᠠᠭᠠᠢ ᠵᠦᠢᠯ ᠪᠠᠢᠬᠤ ᠦᠭᠡᠢ ᠃ 《ᠠᠯᠤᠰ ᠤ᠋ᠨ ᠳᠠᠷᠪᠠᠭᠤᠯ ᠤ᠋ᠨ ᠪᠠᠷ᠎ᠠ 》 《ᠯᠠ 》 《ᠪᠤᠯᠠᠭ ᠤ᠋ᠨ ᠤᠰᠤ 》 《 ᠨᠤᠲᠤᠭ ᠤ᠋ᠨ ᠮᠢᠨᠢ ᠠᠭᠤᠯᠠ ᠤᠰᠤ 》 ᠵᠡᠷᠭᠡ ᠨᠢ ᠨᠡᠯᠢᠶᠡᠳ ᠠᠮᠵᠢᠯᠲᠠ ᠣᠯᠤᠭᠰᠠᠨ ᠵᠣᠬᠢᠶᠠᠯ ᠪᠣᠯᠵᠠᠢ ᠃ ᠲᠣ᠋ · ᠳᠡᠯᠭᠡᠷᠰᠠᠩ ᠤ᠋ᠨ ᠵᠠᠳᠠᠭᠠᠢ ᠰᠢᠯᠦᠭ ᠦ᠋ᠨ ᠣᠯᠠᠩᠬᠢ ᠨᠢ ᠬᠠᠮᠤᠭ ᠰᠡᠭᠦᠯᠴᠢ ᠶ᠋ᠢᠨ ᠥᠭᠦᠯᠡᠪᠦᠷᠢ ᠳᠡᠭᠡᠷ᠎ᠡ ᠪᠡᠨ ᠭᠦᠨ ᠤᠬᠠᠭᠠᠨ ᠤ᠋ ᠤᠳᠬ᠎ᠠ ᠰᠠᠨᠠᠭ᠎ᠠ ᠶ᠋ᠢ ᠢᠯᠡᠷᠡᠭᠦᠯᠵᠦ ᠂ ᠬᠥᠮᠦᠰ ᠦ᠋ᠨ ᠣᠶᠤᠨ ᠤᠬᠠᠭᠠᠨ ᠢ᠋ ᠰᠡᠩᠬᠡᠷᠡᠭᠦᠯᠵᠦ ᠂ ᠣᠢ ᠪᠢᠯᠢᠭ ᠢ᠋ ᠨᠡᠭᠡᠭᠡᠭᠳᠡᠭᠦᠯᠳᠡᠭ ᠪᠢᠯᠡ ᠃ ᠲᠡᠷᠡᠬᠦ ᠥᠭᠦᠯᠡᠪᠦᠷᠢ ᠨᠢ ᠪᠦᠬᠦ ᠵᠣᠬᠢᠶᠠᠯ ᠤ᠋ᠨ ᠢ᠋ᠶ᠋ᠠᠨ ᠳ᠋ᠦᠩᠨᠡᠯᠲᠡ ᠮᠥᠷᠲᠡᠭᠡᠨ ᠦᠵᠡᠯ ᠰᠠᠨᠠᠭᠠᠨ ᠤ᠋ ᠮᠠᠨᠳᠠᠯ ᠪᠣᠯᠵᠤ ᠂ ᠡᠦᠲᠦᠨ ᠬᠠᠷᠪᠤᠬᠤ ᠳ᠋ᠠᠭᠠᠨ ᠬᠠᠮᠤᠭ ᠰᠡᠭᠦᠯᠴᠢ ᠶ᠋ᠢᠨ ᠤᠳᠠᠭ᠎ᠠ ᠳ᠋ᠠᠭᠠᠨ ᠭᠡᠷᠡᠯ ᠲᠠᠲᠠᠳᠠᠭ ᠰᠢᠭ᠋ ᠵᠣᠬᠢᠶᠠᠯ ᠳᠠᠭᠤᠰᠬᠤ ᠳ᠋ᠠᠭᠠᠨ ᠭᠢᠯᠪᠠᠭ᠎ᠠ ᠰᠠᠴᠤᠷᠠᠭᠤᠯᠳᠠᠭ ᠨᠢ ᠮᠠᠰᠢ ᠡᠷᠬᠢᠮ ᠪᠢᠯᠡ ᠃
ᠰᠢᠨ᠎ᠡ ᠪᠡᠷ ᠪᠢᠴᠢᠵᠦ ᠣᠷᠣᠯᠳᠣᠭᠴᠢᠳ ᠤ᠋ᠨ ᠳᠣᠲᠣᠷ᠎ᠠ ᠲᠡᠭᠦᠰᠪᠠᠶᠠᠷ ᠤ᠋ᠨ ᠵᠠᠳᠠᠭᠠᠢ ᠰᠢᠯᠦᠭ ᠨᠡᠯᠢᠶᠡᠳ ᠢᠳᠡᠷᠡᠭᠦᠨ ᠴᠤᠬᠤᠢᠵᠤ ᠪᠠᠢᠨ᠎ᠠ ᠂ᠲᠡᠭᠦᠨ ᠦ᠌ ᠵᠠᠳᠠᠭᠠᠢ ᠰᠢᠯᠦᠭ ᠤᠷᠠᠨ ᠰᠠᠨᠠᠭ᠎ᠠ ᠨᠢ ᠳᠡᠭᠦᠯᠢᠵᠦ ᠂ ᠤᠶᠠᠩᠭ᠎ᠠ ᠰᠡᠳᠬᠢᠯᠭᠡ ᠨᠢ ᠣᠷᠢᠶᠠᠯᠳᠤᠵᠤ ᠂ ᠰᠡᠴᠡᠨ ᠮᠡᠷᠭᠡᠨ ᠦᠭᠡᠰ ᠣᠯᠠᠨ ᠂ ᠬᠣᠯᠪᠣᠨ ᠪᠣᠳᠣᠯᠲᠠ ᠨᠢ ᠰᠠᠢᠬᠠᠨ ᠂ ᠣᠯᠠᠩᠬᠢ ᠨᠢ ᠴᠥᠮ ᠲᠤᠩᠭᠠᠯᠠᠭ ᠠᠪᠰᠠᠷᠬᠠᠨ ᠂ ᠢᠯᠡᠭᠦᠳᠡᠮᠡᠯ ᠨᠥᠬᠥᠭᠡᠰᠦ ᠪᠠᠢᠳᠠᠭ ᠦᠭᠡᠢ ᠃ 《 ᠨᠠᠪᠴᠢ — ᠲᠤᠭ 》 ᠭᠡᠰᠡᠨ ᠵᠠᠳᠠᠭᠠᠢ ᠰᠢᠯᠦᠭ ᠪᠣᠯ ᠳᠣᠯᠣᠭᠠᠨ ᠬᠡᠰᠡᠭ ᠢ᠋ᠶ᠋ᠡᠷ ᠪᠦᠷᠢᠯᠳᠦᠪᠡ ᠂ ᠳᠣᠯᠣᠭᠠᠨ ᠬᠡᠰᠡᠭ ᠨᠢ ᠳᠣᠯᠣᠭᠠᠨ ᠪᠦᠯᠦᠭ ᠬᠥᠭᠵᠢᠮ ᠪᠠᠢᠵᠤ ᠂ ᠨᠡᠢᠯᠡᠭᠡᠳ ᠠᠯᠲᠠᠨ ᠨᠠᠷᠠᠨ ᠂ ᠨᠣᠭᠣᠭᠠᠨ ᠨᠠᠪᠴᠢᠨ ᠤ᠋ ᠲᠤᠬᠠᠢ ᠮᠠᠭᠲᠠᠨ ᠳᠠᠭᠤᠯᠠᠭᠰᠠᠨ ᠪᠦᠬᠦᠯᠢ ᠪᠦᠲᠦᠨ ᠂ ᠤᠷᠠᠨ ᠭᠣᠢᠳᠠ᠂ ᠴᠡᠭᠡᠯᠬᠡᠨ ᠲᠤᠩᠭᠠᠯᠠᠭ ᠂ ᠠᠷᠢᠭᠤᠨ ᠴᠢᠬᠡᠴᠢ ᠂ ᠡᠷᠬᠢᠮ ᠳᠡᠭᠡᠳᠦ ᠨᠠᠢᠷᠠᠯ ᠬᠥᠭᠵᠢᠮ ᠪᠣᠯᠤᠭᠰᠠᠨ ᠶᠤᠮ ᠃ 《 ᠬᠡᠦᠬᠡᠳ 》 ᠭᠡᠰᠡᠨ ᠵᠠᠳᠠᠭᠠᠢ ᠰᠢᠯᠦᠭ ᠨᠢ ᠤᠳᠬ᠎ᠠ ᠰᠠᠨᠠᠭ᠎ᠠ ᠲᠥᠪᠯᠡᠷᠡᠩᠭᠦᠢ ᠂ ᠥᠨᠴᠥᠭ ᠪᠤᠯᠤᠩ ᠪᠦᠬᠦᠨ ᠡᠴᠡ ᠮᠠᠯᠲᠠᠨ ᠠᠭᠤᠳᠠᠯᠯᠠᠭᠰᠠᠨ ᠨᠢ ᠤᠳᠬ᠎ᠠ ᠰᠠᠨᠠᠭᠠᠨ ᠤ᠋ ᠪᠠᠨ ᠬᠦᠴᠦ ᠶ᠋ᠢ ᠨᠡᠮᠡᠭᠳᠡᠭᠦᠯᠵᠡᠢ ᠃ ᠲᠤᠰ ᠵᠣᠬᠢᠶᠠᠯ ᠤ᠋ᠨ ᠭᠣᠭᠴᠣᠭ᠎ᠠ ᠪᠦᠬᠦᠨ ᠨᠢ ᠬᠣᠯᠪᠣᠯᠳᠤᠵᠤ ᠂ ᠵᠠᠩᠭᠢᠯᠠᠭ᠎ᠠ ᠪᠦᠬᠦᠨ ᠨᠢ ᠡᠷᠴᠢᠯᠡᠭᠡᠳ ᠂ ᠦᠭᠡ ᠪᠦᠬᠦᠨ ᠨᠢ ᠵᠢᠩ ᠲᠡᠢ ᠂ ᠦᠵᠡᠮᠵᠢ ᠪᠣᠯᠭᠠᠨ ᠨᠢ ᠭᠣᠶᠣ ᠪᠣᠯᠵᠠᠢ ᠃ 《 ᠨᠠᠮᠤᠷ ᠤ᠋ᠨ ᠵᠠᠬᠢᠶ᠎ᠠ 》 ᠶ᠋ᠢᠨ ᠳᠦᠷᠰᠦᠯᠡᠨ ᠪᠣᠳᠣᠭᠰᠠᠨ ᠨᠢ ᠬᠠᠴᠢᠨ ᠰᠠᠢᠬᠠᠨ᠂ ᠤᠷᠠᠨ ᠬᠠᠪᠤᠯᠢᠭ ᠪᠣᠯᠤᠭᠰᠠᠨ ᠮᠥᠷᠲᠡᠭᠡᠨ ᠰᠢᠯᠦᠭ ᠦ᠋ᠨ ᠰᠠᠨᠠᠭ᠎ᠠ ᠪᠠᠷ ᠪᠠᠶᠠᠯᠢᠭ ᠃《 ᠰᠣᠯᠣᠩᠭ᠎ᠠ ᠲᠠᠯ᠎ᠠ 》 《 ᠠᠭᠤᠯᠠ ᠡᠭᠦᠯᠡ 》 ᠵᠡᠷᠭᠡ ᠵᠠᠳᠠᠭᠠᠢ ᠰᠢᠯᠦᠭ ᠨᠢ ᠠᠪᠰᠠᠷᠬᠠᠨ ᠴᠣᠮᠬᠠᠨ ᠂ ᠤᠷᠠᠨ ᠨᠠᠷᠢᠯᠢᠭ ᠪᠥᠭᠡᠳ ᠦᠭᠡ ᠪᠦᠬᠦᠨ ᠥᠭᠦᠯᠡᠪᠦᠷᠢ ᠪᠣᠯᠭᠠᠨ ᠨᠢ ᠴᠥᠮ ᠰᠡᠳᠬᠢᠵᠦ ᠪᠠᠢᠭᠠᠳ ᠰᠣᠩᠭᠣᠵᠤ ᠪᠠᠢᠭᠠᠳ ᠳᠠᠭᠠᠷᠠᠭᠤᠯᠤᠭᠰᠠᠨ ᠲᠤᠯᠠ ᠰᠢᠮᠡᠭᠦᠷᠢ ᠲᠡᠢ ᠂ ᠰᠡᠳᠬᠢᠭᠦᠯᠦᠭᠦᠱᠢᠲᠡᠢ ᠠᠵᠢ ᠃ ᠲᠡᠭᠦᠨ ᠦ᠌ ᠵᠠᠳᠠᠭᠠᠢ ᠰᠢᠯᠦᠭ ᠮᠥᠨᠴᠦ ᠬᠠᠮᠤᠭ ᠰᠡᠭᠦᠯᠴᠢ ᠶ᠋ᠢᠨ ᠥᠭᠦᠯᠡᠪᠦᠷᠢ ᠨᠢ ᠨᠢᠳᠦ ᠪᠣᠯᠤᠨ ᠬᠡᠷᠡᠯᠳᠦᠵᠦ ᠂ ᠣᠴᠢ ᠦᠰᠦᠷᠦᠨ ᠰᠠᠴᠤᠷᠠᠵᠤ ᠂ ᠰᠢᠯᠦᠭ ᠦ᠋ᠨ ᠬᠦᠴᠦ ᠨᠢ ᠰᠡᠭᠦᠯ ᠦ᠋ᠨ ᠥᠭᠦᠯᠡᠪᠦᠷᠢ ᠳᠡᠭᠡᠷ᠎ᠡ ᠪᠡᠨ ᠲᠥᠪᠯᠡᠷᠡᠵᠦ ᠂ ᠰᠢᠯᠦᠭ ᠦ᠋ᠨ ᠠᠮᠲᠠ ᠨᠢ ᠡᠴᠦᠰ ᠦ᠋ᠨ ᠥᠭᠦᠯᠡᠪᠦᠷᠢ ᠳᠡᠭᠡᠷ᠎ᠡ ᠪᠡᠨ ᠬᠤᠷᠠᠮᠳᠤᠵᠤ ᠪᠠᠢᠳᠠᠭ᠃
ᠪᠦᠬᠡᠳᠡᠯᠭᠡᠷ ᠦ᠋ᠨ ᠵᠠᠳᠠᠭᠠᠢ ᠰᠢᠯᠦᠭ ᠴᠦ᠍ ᠣᠪᠣᠭ᠎ᠠ ᠤᠷᠠᠨ ᠣᠪᠣᠭ᠎ᠠ ᠴᠢᠨᠠᠷᠯᠢᠭ ᠪᠠᠢᠨ᠎ᠠ᠂ ᠲᠡᠭᠦᠨ ᠦ᠌ ᠭᠣᠣᠯ ᠣᠨᠴᠠᠯᠢᠭ ᠪᠣᠯ ᠳᠦᠷᠰᠦᠯᠢᠭ ᠢ᠋ᠶ᠋ᠡᠷ ᠰᠡᠳᠬᠢᠵᠦ ᠂ ᠳᠦᠷᠢ ᠳᠦᠷᠰᠦᠯᠡᠯ ᠢ᠋ᠶ᠋ᠡᠷ ᠳᠠᠮᠵᠢᠭᠤᠯᠤᠨ ᠤᠳᠬ᠎ᠠ ᠰᠠᠨᠠᠭ᠎ᠠ ᠪᠠᠨ ᠢᠯᠡᠳᠬᠡᠳᠡᠭ ᠂ ᠡᠨᠡᠬᠦ ᠵᠢᠷᠤᠭᠯᠠᠬᠤ ᠠ᠋ᠴᠠ ᠪᠢᠰᠢ ᠬᠠᠰᠬᠢᠷᠬᠤ ᠦᠭᠡᠢ ᠠᠷᠭ᠎ᠠ ᠠᠪᠴᠢᠯ ᠪᠣᠯ ᠴᠢᠪ ᠭᠡᠮᠡᠨ ᠤᠷᠠᠨ ᠵᠣᠬᠢᠶᠠᠯ ᠤ᠋ᠨ ᠬᠠᠮᠤᠭ ᠡᠷᠬᠢᠮ ᠂ ᠬᠠᠮᠤᠭ ᠪᠠᠲᠤᠲᠠᠢ ᠠᠷᠭ᠎ᠠ ᠪᠣᠯᠤᠨ᠎ᠠ ᠃ ᠲᠡᠭᠦᠨ ᠦ᠌ ᠪᠢᠴᠢᠭᠰᠡᠨ 《 ᠰᠠᠯᠬᠢᠨ ᠬᠦᠯᠦᠭ 》 ᠭᠡᠰᠡᠨ ᠵᠠᠳᠠᠭᠠᠢ ᠰᠢᠯᠦᠭ ᠦ᠋ᠨ ᠤᠷᠠᠨ ᠲᠠᠭᠠᠮᠠᠭᠯᠠᠯ ᠨᠢ ᠬᠠᠴᠢᠨ ᠰᠠᠢᠬᠠᠨ᠂ ᠳᠦᠷᠢ ᠳᠦᠷᠰᠦᠯᠡᠯ ᠨᠢ ᠠᠮᠢᠳᠤ ᠲᠣᠳᠣᠷᠠᠭᠠᠳ ᠃ ᠰᠠᠯᠬᠢᠨ ᠬᠦᠯᠦᠭ ᠢ᠋ᠶ᠋ᠡᠷ ᠡᠪᠦᠭᠡᠨ ᠮᠠᠨᠠᠭᠠᠴᠢᠨ ᠤ᠋ ᠳᠦᠷᠢ ᠶ᠋ᠢ ᠵᠤᠷᠠᠢᠯᠭᠠᠵᠤ ᠂ ᠰᠠᠯᠬᠢᠨ ᠬᠦᠯᠦᠭ ᠢ᠋ᠶ᠋ᠡᠷ ᠬᠥᠳᠡᠭᠡ ᠨᠤᠲᠤᠭ ᠤ᠋ᠨ ᠬᠤᠪᠢᠷᠠᠯ ᠬᠥᠭᠵᠢᠯ ᠂ ᠴᠠᠭ ᠦᠶ᠎ᠡ ᠶ᠋ᠢᠨ ᠬᠥᠭ ᠠᠯᠬᠤᠭ᠎ᠠ ᠶ᠋ᠢ ᠳᠣᠪᠣᠢᠯᠭᠠᠨ ᠦᠵᠡᠭᠦᠯᠦᠭᠰᠡᠨ ᠨᠢ ᠪᠤᠰᠤᠳ ᠵᠣᠬᠢᠶᠠᠭᠴᠢ ᠶ᠋ᠢᠨ ᠵᠣᠬᠢᠶᠠᠯ ᠳ᠋ᠤ᠌ ᠴᠥᠭᠡᠨ ᠬᠠᠷᠠᠭᠳᠠᠨ᠎ᠠ ᠃ 《 ᠤᠳᠠᠨ ᠨᠠᠭᠤᠷ 》 ᠭᠡᠰᠡᠨ ᠵᠣᠬᠢᠶᠠᠯ ᠨᠢ ᠳᠦᠷᠢ ᠳᠦᠷᠰᠦᠯᠡᠯ ᠢ᠋ᠶ᠋ᠡᠷ ᠳᠠᠮᠵᠢᠭᠤᠯᠤᠨ ᠤᠳᠬ᠎ᠠ ᠰᠠᠨᠠᠭ᠎ᠠ ᠪᠠᠨ ᠢᠯᠡᠷᠡᠭᠦᠯᠵᠡᠢ ᠃ᠳᠦᠷᠢ ᠳᠦᠷᠰᠦᠯᠡᠯ ᠨᠢ ᠠᠮᠢᠳᠤ ᠴᠣᠪᠣᠭᠣᠯᠢᠭ ᠂ ᠤᠳᠬ᠎ᠠ ᠰᠠᠨᠠᠭ᠎ᠠ ᠨᠢ ᠶᠣᠭᠲᠠ ᠭᠦᠨ ᠃
ᠡᠨᠡᠷᠢᠯᠲᠦ ᠶ᠋ᠢᠨ ᠵᠠᠳᠠᠭᠠᠢ ᠰᠢᠯᠦᠭ ᠰᠢᠯᠤᠭᠤᠨ ᠪᠣᠷᠣᠭᠵᠢᠭᠤᠨ᠂ 《 ᠠᠯᠠᠱᠠᠨ ᠨᠤᠲᠤᠭ ᠤ᠋ᠨ ᠡᠪᠦᠯ 》 ᠵᠡᠷᠭᠡ ᠵᠣᠬᠢᠶᠠᠯ ᠨᠢ ᠣᠪᠣᠭ᠎ᠠ ᠤᠷᠠᠨ ᠂ ᠬᠠᠷᠠᠮᠰᠠᠯᠲᠠᠢ ᠨᠢ ᠡᠢᠮᠦ ᠵᠣᠬᠢᠶᠠᠯ ᠢ᠋ ᠳᠡᠮᠡᠢ ᠣᠯᠠᠨ ᠪᠢᠴᠢᠭᠰᠡᠨ ᠦᠭᠡᠢ ᠂ ᠡᠢᠮᠦ ᠵᠠᠮ ᠢ᠋ᠶ᠋ᠠᠷ ᠢ᠋ᠶ᠋ᠠᠨ ᠳᠡᠮᠡᠢ ᠬᠣᠯᠠ ᠶᠠᠪᠤᠭᠰᠠᠨ ᠦᠭᠡᠢ ᠃ ᠰᠠᠢᠨᠴᠣᠭᠠ ᠶᠢᠨ ᠵᠠᠳᠠᠭᠠᠢ ᠰᠢᠯᠦᠭ ᠬᠡᠯᠡᠯᠭᠡ ᠤᠷᠤᠰᠤᠮ᠎ᠠ ᠂ ᠰᠡᠳᠬᠢᠯᠭᠡ ᠪᠢᠯᠬᠠᠮ᠎ᠠ ᠂ ᠰᠠᠨᠠᠭ᠎ᠠ ᠠᠬᠤᠢ ᠳᠤᠯᠢᠮᠠᠭ ᠂ ᠪᠠᠭᠲᠠᠭᠠᠮᠵᠢ ᠭᠦᠶᠦᠭᠡᠨ ᠃ ᠠᠷᠲᠠᠢ ᠶ᠋ᠢᠨ ᠵᠠᠳᠠᠭᠠᠢ ᠰᠢᠯᠦᠭ ᠤᠳᠬ᠎ᠠ ᠶᠣᠭᠲᠠ ᠂ ᠬᠡᠯᠪᠡᠷᠢ ᠪᠣᠷᠣᠭᠵᠢᠭᠤᠨ ᠂ ᠤᠩᠰᠢᠬᠤᠶᠠ ᠬᠠᠨᠢ ᠨᠥᠬᠥᠳ ᠲᠡᠢ ᠪᠡᠨ ᠰᠡᠳᠬᠢᠯ ᠦ᠋ᠨ ᠦᠭᠡ ᠪᠡᠨ ᠶᠠᠷᠢᠯᠴᠠᠵᠤ ᠂ ᠬᠠᠷᠢᠯᠴᠠᠨ ᠨᠢᠭᠡᠨ ᠨᠢᠭᠡᠨ ᠳ᠋ᠡᠭᠡᠨ ᠰᠠᠨᠠᠭᠤᠯᠤᠨ ᠵᠣᠷᠢᠭᠵᠢᠭᠤᠯᠵᠤ ᠪᠠᠢᠭ᠎ᠠ ᠭᠡᠮᠡᠷ ᠰᠠᠨᠠᠭᠳᠠᠨ᠎ᠠ ᠃ ᠯᠢᠭᠳᠡᠨ ᠦ᠌ ᠵᠠᠳᠠᠭᠠᠢ ᠰᠢᠯᠦᠭ ᠴᠢᠮᠡᠭ ᠳᠦᠷᠰᠦᠯᠡᠯ ᠣᠯᠠᠨ ᠂ ᠬᠡᠯᠬᠢᠶ᠎ᠡ ᠨᠤᠭᠤᠯᠠᠭ᠎ᠠ ᠠᠷᠪᠢᠨ ᠂ ᠮᠣᠩᠭᠣᠯ ᠵᠠᠳᠠᠭᠠᠢ ᠰᠢᠯᠦᠭ ᠦ᠋ᠨ ᠪᠤᠰᠤᠳ ᠬᠡᠯᠪᠡᠷᠢ ᠪᠠ ᠢᠯᠡᠳᠬᠡᠬᠦ ᠠᠷᠭ᠎ᠠ ᠶ᠋ᠢᠨ ᠲᠠᠯ᠎ᠠ ᠪᠠᠷ ᠲᠤᠷᠰᠢᠯᠲᠠ ᠬᠢᠵᠦ ᠪᠠᠢᠭ᠎ᠠ ᠪᠠᠷ ᠢ᠋ᠶ᠋ᠠᠨ ᠪᠤᠰᠤᠳ ᠠ᠋ᠴᠠ ᠢᠯᠭᠠᠭᠳᠠᠨ᠎ᠠ ᠃ ᠨᠢᠮ᠎ᠠ ᠶ᠋ᠢᠨ ᠵᠠᠳᠠᠭᠠᠢ ᠰᠢᠯᠦᠭ ᠰᠢᠯᠤᠭᠤᠨ ᠪᠣᠷᠣᠭᠵᠢᠭᠤᠨ ᠂ ᠨᠡᠯᠢᠶᠡᠳ ᠵᠣᠬᠢᠶᠠᠯ ᠨᠢ ᠠᠨᠳᠠ ᠨᠠᠢᠵᠠ ᠲᠠᠢ ᠪᠠᠨ ᠶᠠᠷᠢᠯᠴᠠᠵᠤ ᠪᠠᠢᠭ᠎ᠠ ᠰᠢᠭ᠋ ᠣᠢᠷ᠎ᠠ ᠳᠣᠲᠣᠨᠣ ᠂ ᠵᠠᠷᠢᠮ ᠵᠣᠬᠢᠶᠠᠯ ᠤ᠋ᠨ ᠤᠳᠬ᠎ᠠ ᠰᠠᠨᠠᠭ᠎ᠠ ᠭᠦᠨ ᠂ ᠤᠬᠠᠭᠠᠨ ᠶᠣᠰᠣ ᠶ᠋ᠢ ᠥᠭᠦᠯᠡᠵᠦ ᠣᠢ ᠪᠢᠯᠢᠭ ᠢ᠋ ᠤᠮᠳᠠᠯᠠᠳᠠᠭ ᠃ ᠪᠦᠬᠡᠲᠡᠮᠦᠷ ᠤᠨ ᠵᠠᠳᠠᠭᠠᠢ ᠰᠢᠯᠦᠭ ᠪᠣᠯ ᠤᠷᠠᠨ ᠭᠣᠢᠳᠠ ᠂ ᠨᠠᠷᠢᠨ ᠴᠢᠩᠳᠠ ᠂ ᠵᠢᠳᠠ ᠲᠡᠭᠰᠢ ᠪᠠᠢᠳᠠᠭ ᠃
ᠴᠡᠩᠭᠡᠯᠲᠦ ᠪᠣᠯ ᠣᠪᠣᠭ᠎ᠠ ᠴᠢᠷᠮᠠᠢᠯᠲᠠ ᠲᠠᠢ ᠪᠢᠴᠢᠵᠦ ᠪᠠᠢᠭ᠎ᠠ ᠰᠢᠨ᠎ᠡ ᠰᠣᠶᠣᠭ᠎ᠠ ᠮᠥᠨ ᠂ ᠵᠠᠷᠢᠮ ᠵᠠᠳᠠᠭᠠᠢ ᠰᠢᠯᠦᠭ ᠨᠢ ᠳᠦᠷᠢ ᠳᠦᠷᠰᠦᠯᠡᠯ ᠂ ᠥᠩᠭᠡ ᠪᠣᠳᠣᠭ ᠂ ᠦᠨᠦᠷ ᠠᠮᠲᠠ ᠂ ᠰᠠᠨᠠᠭ᠎ᠠ ᠠᠬᠤᠢ ᠂ ᠤᠷᠠᠨ ᠰᠠᠨᠠᠭ᠎ᠠ ᠠᠯᠢ ᠠᠯᠢ ᠲᠠᠯ᠎ᠠ ᠪᠠᠷ ᠢ᠋ᠶ᠋ᠠᠨ ᠴᠥᠮ ᠵᠣᠬᠢᠬᠤ ᠬᠡᠮᠵᠢᠶᠡᠨ ᠳ᠋ᠦ᠍ ᠬᠦᠷᠴᠦ ᠪᠠᠢᠨ᠎ᠠ ᠃ ᠵᠠᠷᠢᠮ ᠵᠣᠬᠢᠶᠠᠯ ᠤ᠋ᠨ ᠥᠭᠦᠯᠡᠪᠦᠷᠢ ᠨᠢ ᠪᠠᠬᠠᠨ ᠬᠠᠲᠠᠭᠤ ᠂ ᠳᠦᠷᠢ ᠳᠦᠷᠰᠦᠯᠡᠯ ᠦ᠋ᠨ ᠵᠠᠷᠢᠮ ᠨᠢ ᠪᠠᠬᠠᠨ ᠭᠦᠢᠬᠡᠨ ᠪᠣᠯᠵᠠᠢ ᠂ ᠬᠣᠵᠢᠮ ᠠᠬᠢᠨ ᠨᠢᠭᠡᠨ ᠳᠠᠪᠬᠤᠷ ᠲᠤ᠌ ᠠᠪᠠᠷᠢᠨ ᠳᠠᠳᠮᠠᠭᠠᠢᠷᠠᠨ ᠪᠣᠯᠪᠠᠰᠤᠷᠠᠬᠤ ᠳᠠᠰᠢ ᠮᠡᠷᠡᠢᠨ ᠲᠡᠮᠡᠴᠡᠪᠡᠯ ᠵᠣᠬᠢᠨ᠎ᠠ ᠃
᠁ ᠪᠤᠰᠤᠳ ᠨᠥᠬᠥᠳ ᠦ᠋ᠨ ᠵᠠᠳᠠᠭᠠᠢ ᠰᠢᠯᠦᠭ ᠴᠥᠮ ᠵᠣᠬᠢᠬᠤ ᠬᠡᠮᠵᠢᠶᠡᠨ ᠳ᠋ᠦ᠍ ᠬᠦᠷᠴᠦ ᠂ ᠪᠦᠷ ᠲᠤᠰ ᠲᠤᠰ ᠤ᠋ᠨ ᠪᠦᠲᠦᠭᠡᠭᠰᠡᠨ ᠭᠤᠸ᠎ᠠ ᠰᠠᠢᠬᠠᠨ ᠤ᠋ ᠶᠢᠷᠲᠢᠨᠴᠦ ᠪᠡᠨ ᠤᠩᠰᠢᠭᠴᠢᠳ ᠤᠨ ᠡᠮᠦᠨ᠎ᠡ ᠳᠡᠯᠭᠡᠵᠦ ᠂ ᠥᠪᠡᠷ ᠥᠪᠡᠷ ᠦ᠋ᠨ ᠦᠨᠦᠷ ᠠᠮᠲᠠ ᠪᠠᠷ ᠢ᠋ᠶ᠋ᠠᠨ ᠤᠩᠰᠢᠭᠴᠢᠳ ᠢ᠋ ᠲᠡᠵᠢᠭᠡᠨ ᠪᠠᠶᠠᠰᠬᠠᠵᠤ ᠪᠠᠢᠨ᠎ᠠ ᠃
5
ᠵᠠᠳᠠᠭᠠᠢ ᠰᠢᠯᠦᠭ ᠢ᠋ ᠪᠢᠴᠢᠬᠦ ᠳ᠋ᠦ᠍ ᠡᠷᠬᠡᠪᠰᠢ ᠤᠷᠠᠨ ᠰᠠᠨᠠᠭ᠎ᠠ ᠪᠠᠢᠬᠤ ᠬᠡᠷᠡᠭᠲᠡᠢ ᠂ ᠤᠷᠠᠨ ᠰᠠᠨᠠᠭ᠎ᠠ ᠦᠭᠡᠢ ᠵᠠᠳᠠᠭᠠᠢ ᠰᠢᠯᠦᠭ ᠪᠣᠯ ᠳᠠᠪᠤᠰᠤ ᠦᠭᠡᠢ ᠨᠠᠷᠢᠮᠤᠨ ᠵᠤᠲᠠᠩ ᠪᠣᠯᠬᠤ ᠨᠢ ᠳᠠᠮᠵᠢᠭ ᠦᠭᠡᠢ ᠃ ᠤᠷᠠᠨ ᠰᠠᠨᠠᠭ᠎ᠠ ᠭᠡᠳᠡᠭ ᠪᠣᠯ ᠠᠭᠤᠯᠭ᠎ᠠ ᠪᠠ ᠬᠡᠯᠪᠡᠷᠢ ᠶ᠋ᠢᠨ ᠨᠢᠭᠡᠳᠦᠯ ᠂ ᠤᠳᠬ᠎ᠠ ᠰᠠᠨᠠᠭ᠎ᠠ ᠪᠠ ᠤᠷᠠᠯᠢᠭ ᠤ᠋ᠨ ᠨᠢᠭᠡᠳᠦᠯ ᠪᠣᠯᠤᠨ᠎ᠠ ᠃ ᠤᠷᠠᠨ ᠰᠠᠨᠠᠭ᠎ᠠ ᠭᠡᠳᠡᠭ ᠪᠣᠯ ᠬᠡᠷᠡᠭ ᠳᠡᠭᠡᠷ᠎ᠡ ᠪᠡᠨ ᠨᠢᠭᠡᠨ ᠵᠦᠢᠯ ᠦ᠋ᠨ ᠰᠢᠨ᠎ᠡ ᠢᠯᠡᠷᠡᠭᠦᠯᠦᠯᠲᠡ ᠂ ᠰᠢᠨ᠎ᠡ ᠡᠭᠦᠳᠦᠯᠲᠡ ᠪᠣᠯᠤᠨ᠎ᠠ ᠂ ᠬᠡᠷᠪᠡ ᠰᠢᠨ᠎ᠡ ᠢᠯᠡᠷᠡᠭᠦᠯᠦᠯ ᠂ ᠰᠢᠨ᠎ᠡ ᠡᠭᠦᠳᠦᠯᠲᠡ ᠦᠭᠡᠢ ᠶᠦ᠍ᠮ ᠪᠣᠯ ᠤᠷᠠᠨ ᠰᠠᠨᠠᠭ᠎ᠠ ᠴᠤ᠌ ᠭᠠᠷᠴᠤ ᠴᠢᠳᠠᠬᠤ ᠦᠭᠡᠢ ᠶᠦ᠍ᠮ ᠃ ᠬᠥᠮᠦᠨ ᠪᠦᠬᠦᠨ ᠴᠥᠮ ᠠᠬᠤᠢ ᠠᠮᠢᠳᠤᠷᠠᠯ ᠤ᠋ᠨ ᠴᠡᠭᠡᠯ ᠳ᠋ᠦ᠍ ᠠᠮᠢᠳᠤᠷᠠᠵᠤ ᠂ ᠡᠳᠦᠷ ᠪᠣᠯᠭᠠᠨ ᠵᠠᠭᠤ ᠮᠢᠩᠭᠠᠨ ᠬᠥᠮᠦᠨ ᠲᠡᠢ ᠠᠭᠤᠯᠵᠠᠵᠤ ᠂ ᠣᠯᠠᠨ ᠲᠠᠪᠤᠨ ᠰᠣᠨᠢᠨ ᠰᠣᠨᠣᠰᠬᠠᠯ ᠰᠣᠨᠣᠰᠴᠤ ᠂ ᠡᠢᠮᠦ ᠲᠡᠢᠮᠦ ᠬᠠᠷᠢᠴᠠᠭ᠎ᠠ ᠬᠣᠯᠪᠣᠭ᠎ᠠ ᠡᠭᠦᠰᠴᠦ ᠂ ᠡᠳᠦᠢ ᠲᠡᠳᠦᠢ ᠠᠵᠢᠯ ᠦᠢᠯᠡᠰ ᠢ᠋ ᠦᠢᠯᠡᠳᠴᠦ ᠯᠡ ᠪᠠᠢᠨ᠎ᠠ ᠂ ᠭᠡᠪᠡᠴᠦ ᠡᠩ ᠦ᠋ᠨ ᠬᠥᠮᠦᠨ ᠪᠣᠯ ᠶᠡᠷᠦ ᠡᠴᠡ ᠤᠷᠠᠨ ᠵᠣᠬᠢᠶᠠᠯ ᠤ᠋ᠨ ᠡᠭᠦᠳᠡᠨ ᠡᠴᠡ ᠂ ᠵᠣᠬᠢᠶᠠᠨ ᠪᠦᠲᠦᠭᠡᠬᠦ ᠪᠠᠢᠷᠢᠨ ᠠ᠋ᠴᠠ ᠣᠷᠴᠢᠨ ᠲᠣᠭᠣᠷᠢᠨ ᠂ ᠠᠮᠢᠳᠤᠷᠠᠯ ᠠᠬᠤᠢ ᠶ᠋ᠢ ᠨᠠᠷᠢᠨ ᠠᠵᠢᠭᠯᠠᠵᠤ ᠨᠢᠮᠪᠠᠢ ᠰᠤᠳᠤᠯᠳᠠᠭ ᠵᠠᠩᠰᠢᠯ ᠦᠭᠡᠢ ᠪᠥᠭᠡᠳ ᠬᠠᠶᠠ ᠵᠠᠷᠢᠮ ᠵᠦᠢᠯ ᠢ᠋ ᠦᠵᠡᠵᠦ ᠭᠠᠷᠤᠯ᠎ᠠ ᠴᠤ᠌ ᠭᠡᠰᠡᠨ ᠤᠴᠢᠷ ᠶᠣᠰᠣ ᠶ᠋ᠢᠨ ᠲᠠᠯ᠎ᠠ ᠠ᠋ᠴᠠ ᠂ ᠵᠢᠮ᠎ᠡ ᠬᠠᠤᠯᠢ ᠶ᠋ᠢᠨ ᠲᠠᠯ᠎ᠠ ᠠ᠋ᠴᠠ ᠂ ᠲᠤᠷᠰᠢᠯᠭ᠎ᠠ ᠰᠤᠷᠭᠠᠮᠵᠢ ᠶ᠋ᠢᠨ ᠲᠠᠯ᠎ᠠ ᠠ᠋ᠴᠠ — ᠨᠢᠭᠡ ᠯᠡ ᠦᠭᠡ ᠪᠡᠷ ᠬᠡᠯᠡᠪᠡᠯ ᠬᠡᠢᠰᠪᠦᠷᠢᠯᠡᠨ ᠵᠤᠷᠪᠤᠰᠯᠠᠵᠤ ᠂ ᠬᠤᠷᠢᠶᠠᠩᠭᠤᠢᠯᠠᠨ ᠣᠨᠣᠯᠵᠢᠭᠤᠯᠬᠤ ᠠ᠋ᠴᠠ ᠪᠢᠰᠢ ᠳᠦᠷᠢ ᠳᠦᠷᠰᠦᠯᠡᠯ ᠦ᠋ᠨ ᠡᠭᠦᠳᠡᠨ ᠡᠴᠡ ᠬᠡᠪ ᠰᠢᠨᠵᠢᠵᠢᠭᠦᠯᠳᠡᠭ ᠦᠭᠡᠢ ᠪᠢᠯᠡ ᠃ ᠬᠠᠷᠢᠨ ᠰᠢᠯᠦᠭᠴᠢ ᠬᠥᠮᠦᠨ ᠪᠣᠯ ᠢᠮᠠᠭᠲᠠ ᠰᠢᠯᠦᠭ ᠦ᠋ᠨ ᠪᠠᠢᠷᠢᠨ ᠠ᠋ᠴᠠ ᠂ ᠰᠢᠯᠦᠭᠴᠢ ᠶ᠋ᠢᠨ ᠬᠠᠷᠠᠴᠠ ᠪᠠᠷ ᠰᠢᠯᠦᠭᠴᠢ ᠶ᠋ᠢᠨ ᠰᠡᠳᠬᠢᠯᠭᠡ ᠪᠡᠷ ᠣᠷᠴᠢᠨ ᠲᠣᠭᠣᠷᠢᠨ ᠠᠮᠢᠳᠤᠷᠠᠯ ᠠᠬᠤᠢ ᠶ᠋ᠢ ᠠᠵᠢᠭᠯᠠᠨ ᠰᠢᠨᠵᠢᠵᠦ ᠲᠡᠭᠦᠨ ᠦ᠌ ᠳᠣᠲᠣᠷ᠎ᠠ ᠠ᠋ᠴᠠ ᠬᠠᠮᠤᠭ ᠤᠳᠬ᠎ᠠ ᠤᠴᠢᠷ ᠲᠠᠢ ᠂ ᠬᠠᠮᠤᠭ ᠭᠣᠶᠣ ᠰᠠᠢᠬᠠᠨ ᠂ ᠬᠠᠮᠤᠭ ᠮᠥᠨ ᠴᠢᠨᠠᠷ ᠪᠦᠬᠦᠢ ᠂ ᠬᠠᠮᠤᠭ ᠠ᠋ᠴᠠ ᠢᠯᠡᠷᠡᠭᠦᠯᠬᠦ ᠬᠦᠴᠦᠨ ᠪᠦᠬᠦᠢ ᠂ ᠬᠠᠮᠤᠭ ᠠ᠋ᠴᠠ ᠭᠡᠷᠡᠯ ᠭᠢᠯᠪᠠᠭ᠎ᠠ ᠲᠠᠢ ᠵᠦᠢᠯ ᠢ᠋ ᠬᠤᠷᠴᠠ ᠰᠡᠷᠭᠡᠭ ᠢ᠋ᠶ᠋ᠡᠷ ᠳᠤᠰᠬᠠᠨ ᠵᠢᠷᠤᠭᠯᠠᠵᠤ ᠂ ᠵᠣᠬᠢᠬᠤ ᠤᠳᠬ᠎ᠠ ᠰᠠᠨᠠᠭ᠎ᠠ ᠶ᠋ᠢ ᠬᠠᠷᠠᠭᠤᠯᠳᠠᠭ ᠶᠤᠮ ᠃ ᠲᠡᠢᠮᠦ ᠡᠴᠡ ᠂ ᠤᠷᠠᠨ ᠰᠠᠨᠠᠭ᠎ᠠ ᠪᠦᠬᠦᠢ ᠵᠠᠳᠠᠭᠠᠢ ᠰᠢᠯᠦᠭ ᠪᠣᠯ ᠶᠡᠷᠦ ᠡᠴᠡ ᠤᠩᠰᠢᠭᠴᠢᠳ ᠤ᠋ᠨ ᠡᠮᠦᠨ᠎ᠡ ᠰᠢᠨ᠎ᠡ ᠰᠣᠷᠭᠣᠭ ᠤᠷᠠᠯᠢᠭ ᠤ᠋ᠨ ᠶᠢᠷᠲᠢᠨᠴᠦ ᠶ᠋ᠢ ᠨᠡᠭᠡᠭᠡᠵᠦ ᠂ ᠤᠩᠰᠢᠭᠴᠢᠳ ᠲᠤ᠌ ᠰᠡᠩᠬᠡᠷᠡᠭᠦᠯᠦᠯ ᠰᠤᠷᠭᠠᠮᠵᠢ ᠂ ᠭᠤᠸ᠋᠎ᠠ ᠰᠠᠢᠬᠠᠨ ᠤ᠋ ᠬᠦᠷᠲᠡᠭᠡᠮᠵᠢ ᠥᠭᠳᠡᠭ ᠃ ᠤᠷᠠᠨ ᠰᠡᠳᠬᠢᠬᠦ ᠶᠠᠪᠤᠴᠠ ᠳ᠋ᠠᠭᠠᠨ ᠰᠢᠯᠦᠭᠴᠢ ᠶᠡᠷᠦᠨᠢ ᠠᠬᠤᠢ ᠠᠮᠢᠳᠤᠷᠠᠯ ᠢ᠋ ᠥᠷᠭᠡᠨ ᠭᠦᠨᠵᠡᠭᠡᠢ ᠣᠢᠯᠭᠠᠨ ᠰᠤᠳᠤᠯᠤᠭᠰᠠᠨ ᠰᠠᠭᠤᠷᠢ ᠳᠡᠭᠡᠷ᠎ᠡ ᠪᠡᠨ ᠤᠷᠠᠯᠢᠭ ᠤ᠋ᠨ ᠢᠯᠡᠳᠬᠡᠬᠦ ᠬᠦᠴᠦᠨ ᠪᠦᠬᠦᠢ ᠂ ᠣᠨᠴᠠᠯᠢᠭ ᠰᠢᠨᠵᠢ ᠪᠦᠬᠦᠢ ᠤᠳᠬ᠎ᠠ ᠤᠴᠢᠷ ᠲᠠᠢ ᠳᠦᠷᠢ ᠳᠦᠷᠰᠦᠯᠡᠯ ᠢ᠋ ᠢᠯᠡᠷᠡᠭᠦᠯᠵᠦ ᠂ ᠬᠡᠷᠡᠭ ᠪᠣᠳᠠᠰ ᠤ᠋ᠨ ᠮᠥᠨ ᠴᠢᠨᠠᠷ ᠢ᠋ ᠳᠡᠭᠡᠳᠦ ᠬᠡᠮᠵᠢᠶ᠎ᠡ ᠪᠡᠷ ᠠᠪᠰᠠᠷᠬᠠᠨ ᠴᠣᠮᠬᠠᠨ ᠢ᠋ᠶ᠋ᠠᠷ ᠬᠤᠷᠢᠶᠠᠩᠭᠤᠢᠯᠠᠵᠤ ᠂ ᠪᠠᠶᠠᠯᠢᠭ ᠳᠡᠯᠭᠡᠷ ᠮᠥᠷᠲᠡᠭᠡᠨ ᠪᠤᠰᠤᠳ ᠲᠠᠢ ᠦᠰᠦᠳ ᠣᠨᠳᠣᠣ ᠪᠠᠷ ᠳᠦᠷᠰᠦᠯᠡᠨ ᠰᠡᠳᠬᠢᠵᠦ ᠂ ᠥᠪᠡᠷᠮᠢᠴᠡ ᠣᠨᠴᠠᠯᠢᠭ ᠪᠦᠬᠦᠢ ᠤᠷᠠᠨ ᠳᠠᠷᠬᠠᠨ ᠪᠦᠲᠦᠴᠡ ᠵᠣᠬᠢᠶᠠᠮᠵᠢ ᠂ ᠠᠷᠭ᠎ᠠ ᠪᠠᠷᠢᠯ ᠂ ᠦᠵᠡᠮᠵᠢ ᠵᠢᠷᠤᠭ ᠂ ᠢᠯᠭᠤᠮ ᠲᠣᠳᠣ ᠥᠩᠭᠡ ᠪᠣᠳᠣᠭ ᠪᠦᠬᠦᠢ ᠬᠡᠯᠡ ᠬᠡᠯᠡᠯᠭᠡ ᠪᠡᠷ ᠢ᠋ᠶ᠋ᠡᠨ ᠴᠣ ᠰᠢᠨ᠎ᠡ ᠢᠷᠠᠭᠤ ᠰᠠᠢᠬᠠᠨ ᠰᠠᠨᠠᠭ᠎ᠠ ᠠᠬᠤᠢ ᠶ᠋ᠢ ᠡᠭᠦᠳᠦᠨ ᠪᠦᠲᠦᠭᠡᠵᠦ ᠂ ᠥᠳᠬᠡᠨ ᠬᠤᠷᠴᠠ ᠤᠶᠠᠩᠭ᠎ᠠ ᠰᠡᠳᠬᠢᠯᠭᠡ ᠪᠡᠨ ᠰᠦᠷᠴᠢᠨ ᠭᠠᠷᠭᠠᠳᠠᠭ ᠪᠠᠶ᠋ᠢᠨ᠎ᠠ ᠃
ᠪ · ᠪᠦᠷᠢᠨᠪᠡᠬᠢ ᠶ᠋ᠢᠨ 《 ᠮᠥᠩᠭᠥᠨ ᠳᠡᠯᠡᠬᠡᠢ ᠶ᠋ᠢᠨ ᠡᠵᠡᠳ 》 ᠭᠡᠰᠡᠨ ᠵᠠᠳᠠᠭᠠᠢ ᠰᠢᠯᠦᠭ ᠦ᠋ᠨ ᠤᠷᠠᠨ ᠰᠠᠨᠠᠭ᠎ᠠ ᠪᠣᠯ ᠮᠠᠰᠢ ᠭᠣᠶᠣ ᠶᠤᠮ ᠂ ᠲᠤᠰ ᠰᠢᠯᠦᠭ ᠲᠦ᠍ ᠂ ᠡᠪᠦᠯ ᠪᠣᠯᠬᠤᠯᠠᠷ ᠬᠥᠳᠡᠭᠡ ᠲᠠᠯ᠎ᠠ ᠳ᠋ᠤ᠌ ᠶᠡᠬᠡ ᠴᠠᠰᠤ ᠣᠷᠣᠵᠤ ᠂ ᠠᠩᠴᠢᠳ ᠨᠣᠬᠠᠢ ᠪᠠᠨ ᠳᠠᠭᠠᠭᠤᠯᠤᠨ ᠠᠩ ᠬᠢᠭᠰᠡᠨ ᠶᠠᠪᠤᠳᠠᠯ ᠢ᠋ ᠲᠤᠰᠬᠠᠨ ᠪᠢᠴᠢᠵᠡᠢ ᠂ ᠬᠡᠷᠪᠡ ᠮᠠᠨ ᠢ᠋ᠶ᠋ᠠᠷ ᠪᠢᠴᠢᠭᠦᠯᠬᠦ ᠶᠦ᠍ᠮ ᠪᠣᠯ ᠄ ᠬᠥᠳᠡᠭᠡ ᠲᠠᠯ᠎ᠠ ᠳ᠋ᠤ᠌ ᠴᠠᠰᠤ ᠶᠡᠬᠡ ᠣᠷᠣᠪᠠ ᠂ ᠬᠥᠭᠵᠢᠯᠲᠡᠢ ᠠᠩᠴᠢᠳ ᠠᠩ ᠭᠥᠷᠦᠭᠡᠨ ᠳ᠋ᠦ᠍ ᠮᠣᠷᠳᠠᠪᠠ ᠭᠡᠪᠡᠯ ᠪᠠᠷᠠᠴᠢᠨᠠ ᠃ ᠭᠡᠪᠡᠴᠦ ᠵᠥᠪᠬᠡᠨ ᠢᠩᠭᠢᠴᠦ ᠯᠡ ᠪᠢᠴᠢᠬᠦ ᠶᠦ᠍ᠮ ᠪᠣᠯ ᠵᠠᠳᠠᠭᠠᠢ ᠰᠢᠯᠦᠭ ᠪᠣᠯᠵᠤ ᠴᠢᠳᠠᠬᠤ ᠦᠭᠡᠢ ᠨᠢ ᠮᠡᠳᠡᠭᠡᠴᠢ ᠬᠡᠷᠡᠭ ᠂ ᠤᠴᠢᠷ ᠨᠢ ᠡᠭᠦᠨ ᠳ᠋ᠦ᠍ ᠤᠷᠠᠨ ᠰᠠᠨᠠᠭ᠎ᠠ ᠭᠡᠵᠦ ᠪᠠᠢᠬᠤ ᠦᠭᠡᠢ ᠂ ᠳᠦᠷᠢ ᠳᠦᠷᠰᠦᠯᠡᠯ ᠴᠦ᠍ ᠪᠠᠢᠬᠤ ᠦᠭᠡᠢ ᠂ ᠰᠠᠨᠠᠭ᠎ᠠ ᠠᠬᠤᠢ ᠴᠤ᠌ ᠪᠠᠢᠬᠤ ᠦᠭᠡᠢ ᠂ ᠦᠢᠯᠡ ᠬᠡᠷᠡᠭ ᠢ᠋ ᠶᠠᠪ ᠶᠡᠷᠦᠮᠳᠡᠭ ᠢ᠋ᠶ᠋ᠡᠷ ᠬᠦᠦᠷᠨᠢᠭᠰᠡᠨ ᠲᠡᠳᠦᠢ ᠪᠣᠯᠬᠤ ᠲᠤᠯᠠ ᠰᠢᠯᠦᠭ ᠦ᠋ᠨ ᠦᠨᠦᠷ ᠠᠮᠲᠠ ᠭᠡᠵᠦ ᠣᠭᠲᠣᠬᠠᠨ ᠪᠠᠢᠬᠤ ᠦᠭᠡᠢ ᠭᠡᠲᠡᠯ᠎ᠡ ᠂ ᠶ᠋ᠢᠨ ᠪᠦᠷᠢᠨᠪᠡᠬᠢ ᠨᠥᠬᠥᠷ ᠦ᠋ᠨ《 ᠮᠥᠩᠭᠥᠨ ᠳᠡᠯᠡᠬᠡᠢ ᠶ᠋ᠢᠨ ᠡᠵᠡᠳ 》 ᠢ᠋ ᠤᠩᠰᠢᠪᠠᠯ ᠠᠷᠤ ᠬᠢᠵᠠᠭᠠᠷ ᠣᠷᠣᠨ ᠤ᠋ ᠪᠠᠢᠭᠠᠯᠢ ᠦᠵᠡᠮᠵᠢ ᠶ᠋ᠢᠨ ᠵᠢᠷᠤᠭ ᠂ ᠠᠩᠴᠢᠨ ᠭᠥᠷᠥᠭᠡᠴᠢᠨ ᠦ᠌ ᠬᠥᠳᠡᠯᠮᠦᠷᠢ ᠠᠮᠢᠳᠤᠷᠠᠯ ᠤ᠋ᠨ ᠬᠡᠪ ᠵᠠᠩᠰᠢᠯ ᠤ᠋ᠨ ᠵᠢᠷᠤᠭ ᠪᠠ ᠵᠢᠴᠢ ᠲᠡᠳᠡᠨ ᠦ᠌ ᠳᠣᠲᠣᠭᠠᠳᠤ ᠰᠡᠳᠬᠢᠯᠭᠡ ᠶ᠋ᠢᠨ ᠬᠠᠪᠤ ᠴᠡᠩᠭᠡᠯ ᠣᠮᠣᠭᠯᠠᠩᠭᠣᠢ ᠵᠢᠪᠬᠤᠭ᠎ᠠ ᠶ᠋ᠢ ᠣᠯᠵᠤ ᠬᠠᠷᠠᠨ᠎ᠠ ᠃ ᠵᠣᠬᠢᠶᠠᠭᠴᠢ ᠠᠷᠤ ᠬᠢᠵᠠᠭᠠᠷ ᠣᠷᠣᠨ ᠤ᠋ ᠪᠠᠢᠭᠠᠯᠢ ᠦᠵᠡᠮᠵᠢ ᠶ᠋ᠢᠨ ᠰᠢᠨᠵᠢ ᠲᠡᠮᠳᠡᠭ ᠢ᠋ ᠬᠠᠷᠠᠭᠤᠯᠵᠤ ᠴᠢᠳᠠᠬᠤᠢᠴᠠ ᠡᠪᠦᠯ ᠦ᠋ᠨ ᠤᠯᠠᠷᠢᠯ ᠤ᠋ᠨ ᠴᠠᠰᠤ ᠣᠷᠣᠭᠰᠠᠨ ᠡᠳᠦᠷ ᠢ᠋ ᠰᠣᠩᠭᠣᠪᠠ ᠵᠥᠪᠬᠡᠨ ᠪᠠᠢᠭᠠᠯᠢ ᠦᠵᠡᠮᠵᠢ ᠶ᠋ᠢ ᠪᠢᠴᠢᠭᠡ ᠦᠭᠡᠢ ᠂ ᠡᠨᠡᠬᠦ ᠮᠥᠩᠭᠥᠨ ᠳᠡᠯᠡᠬᠡᠢ ᠶ᠋ᠢᠨ ᠵᠢᠩᠬᠢᠨᠢ ᠡᠵᠡᠨ ᠦ᠌ ᠵᠠᠩ ᠠᠭᠠᠯᠢ ᠂ ᠴᠣᠭ ᠵᠢᠪᠬᠤᠭ᠎ᠠ ᠂ ᠠᠮᠢᠳᠤᠷᠠᠯ ᠬᠥᠳᠡᠯᠮᠦᠷᠢ ᠶ᠋ᠢ ᠨᠢ ᠭᠣᠣᠯᠳᠠᠯᠭ᠎ᠠ ᠲᠠᠢ ᠳᠤᠰᠬᠠᠪᠠ ᠂ ᠲᠡᠭᠡᠬᠦ ᠳ᠋ᠡᠭᠡᠨ ᠤᠳᠬ᠎ᠠ ᠰᠠᠨᠠᠭ᠎ᠠ ᠪᠠᠨ ᠦᠵᠡᠭᠦᠯᠵᠦ ᠴᠢᠳᠠᠬᠤᠢᠴᠠ ᠬᠠᠮᠤᠭ ᠣᠨᠴᠠᠯᠢᠭ ᠪᠦᠬᠦᠢ ᠂ ᠢᠯᠡᠳᠬᠡᠬᠦ ᠬᠦᠴᠦᠨ ᠢ᠋ᠶ᠋ᠡᠷ ᠴᠢᠩᠭ᠎ᠠ ᠂ ᠤᠳᠬ᠎ᠠ ᠤᠴᠢᠷ ᠲᠠᠢ ᠠᠮᠢᠳᠤᠷᠠᠯ ᠤ᠋ᠨ ᠦᠵᠡᠭᠳᠡᠯ ᠦ᠋ᠳ ᠢ᠋ ᠰᠤᠪᠤᠳ ᠤ᠋ᠨ ᠬᠡᠯᠬᠢᠶ᠎ᠡ ᠬᠡᠯᠬᠢᠭᠰᠡᠨ ᠶᠦ᠍ᠮ ᠰᠢᠭ ᠣᠭᠣᠰᠣᠷᠯᠠᠨ ᠬᠣᠯᠪᠣᠵᠤ ᠂ ᠤᠷᠠᠨ ᠬᠠᠴᠢᠨ ᠳᠦᠷᠢ ᠳᠦᠷᠰᠦᠯᠡᠯ ᠰᠢᠯᠦᠭ ᠦ᠋ᠨ ᠦᠨᠦᠷ ᠠᠮᠲᠠ ᠂ ᠬᠠᠪᠤᠯᠢᠭ ᠭᠣᠶᠣ ᠰᠠᠨᠠᠭ᠎ᠠ ᠠᠬᠤᠢ ᠪᠠᠨ ᠢᠷᠠᠭᠤ ᠰᠠᠢᠬᠠᠨ ᠬᠡᠯᠡ ᠬᠡᠯᠡᠯᠭᠡ ᠪᠡᠷ ᠳᠦᠷᠰᠦᠯᠡᠨ ᠵᠢᠷᠤᠭᠯᠠᠵᠤ ᠤᠶᠠᠩᠭᠠᠯᠠᠨ ᠲᠣᠳᠣᠷᠠᠭᠤᠯᠤᠭᠰᠠᠨ ᠪᠠᠢᠨ᠎ᠠ ᠵᠣᠬᠢᠶᠠᠭᠴᠢ ᠂ ᠭᠡᠷ ᠦ᠋ᠨ ᠭᠠᠳᠠᠨᠠᠬᠢ ᠴᠠᠭᠠᠨ ᠥᠩᠭᠡ ᠴᠠᠰᠤ ᠣᠷᠣᠭᠰᠠᠨ 》 ᠪᠠ ᠭᠡᠷ ᠤᠨ ᠳᠣᠲᠣᠷᠠᠬᠢ ᠤᠯᠠᠭᠠᠨ ᠥᠩᠭᠡ ( ᠭᠠᠯ ᠲᠦᠯᠡᠭᠰᠡᠨ )᠂ ᠭᠡᠷ ᠦ᠋ᠨ ᠭᠠᠳᠠᠨᠠᠬᠢ ᠬᠦᠢᠲᠡᠨ ᠣᠷᠴᠢᠯᠠᠩ ᠪᠠ ᠭᠡᠷ ᠦ᠋ᠨ ᠳᠣᠲᠣᠷᠠᠬᠢ ᠳᠤᠯᠠᠭᠠᠨ ᠣᠷᠴᠢᠨ (ᠭᠠᠯ ᠲᠦᠯᠡᠭᠰᠡᠨ ᠦ᠌ ᠳᠡᠭᠡᠷ᠎ᠡ ᠰᠠᠷᠬᠤᠳ ᠪᠠᠯᠭᠤᠭᠰᠠᠨ) ᠂ ᠭᠠᠳᠠᠨᠠᠬᠢ ᠶᠢᠷᠲᠢᠨᠴᠦ ᠶ᠋ᠢᠨ ᠨᠠᠮ ᠵᠢᠮ ᠪᠠᠢᠳᠠᠯ ᠪᠠ ᠭᠡᠷ᠎ᠡ ᠳᠣᠲᠣᠷᠠᠬᠢ ᠬᠥᠭᠵᠢᠭᠡᠨ ᠲᠦᠷᠭᠢᠶᠡᠨᠳᠦ ᠪᠠᠢᠳᠠᠯ ( ᠠᠩᠴᠢᠳ ᠳᠠᠭᠤᠤ ᠳᠠᠭᠤᠯᠠᠭᠰᠠᠨ ᠬᠤᠷᠳᠤᠨ ᠬᠦᠯᠦᠭ ᠲᠣᠭᠲᠠᠵᠤ ᠶᠠᠳᠠᠨ ᠂ ᠠᠪᠠ ᠶ᠋ᠢᠨ ᠨᠣᠬᠠᠢ ᠬᠥᠭᠵᠢᠯᠲᠡ ᠭᠦᠶᠦᠯᠳᠦᠬᠦ ᠮᠡᠲᠦ) ᠶ᠋ᠢ ᠬᠠᠷᠢᠴᠠᠭᠤᠯᠤᠨ ᠪᠢᠴᠢᠬᠦ ᠪᠡᠷ ᠳᠠᠮᠵᠢᠭᠤᠯᠵᠤ ᠥᠩᠭᠡ ᠪᠣᠳᠣᠭ ᠬᠤᠷᠴᠠ ᠂ ᠠᠨᠢᠷ ᠴᠢᠮᠡᠭᠡ ᠲᠣᠳᠣᠷᠠᠭᠤᠨ ᠠᠮᠢᠳᠤᠷᠠᠯ ᠤ᠋ᠨ ᠵᠢᠷᠤᠭ ᠂ ᠬᠥᠳᠡᠯᠮᠦᠷᠢ ᠶ᠋ᠢᠨ ᠡᠷᠴᠢ ᠴᠣᠭ ᠢ᠋ ᠬᠠᠷᠠᠭᠠᠨ ᠳ᠋ᠤ᠌ ᠲᠣᠳᠣᠷᠠᠲᠠᠯᠠ ᠵᠢᠷᠤᠭᠯᠠᠨ ᠦᠵᠡᠭᠦᠯᠦᠭᠰᠡᠨ ᠪᠠᠢᠨ᠎ᠠ ᠂ ᠡᠨᠡ ᠪᠣᠯ ᠤᠷᠠᠨ ᠰᠠᠨᠠᠭᠠᠨ ᠠ᠋ᠴᠠ ᠲᠥᠷᠥᠭᠳᠡᠭᠰᠡᠨ ᠪᠤᠯᠪᠠᠷᠠᠢ ᠴᠡᠴᠡᠭ ᠪᠣᠯᠤᠨ᠎ᠠ ᠃
ᠠᠮᠢᠳᠤᠷᠠᠯ ᠤ᠋ᠨ ᠭᠦᠨ ᠳᠠᠯᠠᠢ ᠳᠣᠲᠣᠷ᠎ᠠ ᠠ᠋ᠴᠠ ᠤᠳᠬ᠎ᠠ ᠤᠴᠢᠷ ᠲᠠᠢ ᠂ ᠰᠠᠢᠨ ᠰᠠᠢᠬᠠᠨ ᠵᠦᠢᠯ ᠢ᠋ ᠢᠯᠡᠷᠡᠭᠦᠯᠬᠦ ᠭᠡᠳᠡᠭ ᠨᠢ ᠪᠤᠰᠤᠳ ᠤ᠋ᠨ ᠶᠡᠷᠦ ᠡᠴᠡ ᠢᠯᠡᠷᠡᠭᠦᠯᠵᠦ ᠴᠢᠳᠠᠭ᠎ᠠ ᠦᠭᠡᠢ ᠰᠡᠳᠦᠪ ᠪᠤᠶᠤ ᠳᠦᠷᠰᠦᠯᠡᠭᠳᠡᠬᠦᠨ ᠢ᠋ ᠡᠷᠢᠵᠦ ᠪᠢᠴᠢᠬᠦ ᠲᠡᠳᠦᠢ ᠪᠢᠰᠢ ᠂ ᠨᠡᠩ ᠴᠢᠬᠤᠯᠠ ᠨᠢ ᠪᠣᠯ ᠪᠤᠰᠤᠳ ᠤ᠋ᠨ ᠡᠳᠦᠷ ᠪᠣᠯᠭᠠᠨ ᠦᠵᠡᠵᠦ ᠰᠣᠨᠣᠰᠴᠤ ᠪᠠᠢᠭ᠎ᠠ ᠂ ᠲᠡᠷᠡᠴᠢᠯᠡᠨ ᠵᠠᠷᠢᠮ ᠵᠦᠢᠯ ᠢ᠋ ᠨᠢ ᠪᠤᠰᠤᠳ ᠬᠥᠮᠦᠨ ᠪᠢᠴᠢᠵᠦ ᠥᠩᠭᠡᠷᠡᠭᠰᠡᠨ ᠴᠦ᠍ ᠮᠠᠭᠠᠳ ᠦᠭᠡᠢ ᠂ ᠵᠣᠬᠢᠶᠠᠭᠴᠢ ᠵᠠᠪᠠᠯ ᠥᠪᠡᠷ ᠦ᠋ᠨ ᠭᠦᠨ ᠭᠦᠨᠵᠡᠭᠡᠢ ᠂ ᠨᠠᠷᠢᠨ ᠨᠢᠮᠪᠠᠢ ᠂ ᠠᠵᠢᠭᠴᠢ ᠭᠢᠷᠬᠠᠢ ᠨᠢᠳᠦ ᠪᠡᠷ ᠢ᠋ᠶ᠋ᠡᠨ ᠠᠵᠢᠭᠯᠠᠵᠤ ᠣᠯᠤᠭᠰᠠᠨ ᠂ ᠪᠣᠳᠣᠵᠤ ᠣᠯᠤᠭᠰᠠᠨ ᠂ ᠲᠤᠩᠭᠠᠵᠤ ᠪᠣᠯᠪᠠᠰᠤᠷᠠᠭᠤᠯᠤᠭᠰᠠᠨ ᠵᠦᠢᠯ ᠢ᠋ᠶ᠋ᠡᠨ ᠥᠪᠡᠷ ᠦ᠋ᠨ ᠢ᠋ᠶ᠋ᠡᠨ ᠣᠷᠣᠨ ᠪᠠᠢᠷᠢ ᠠ᠋ᠴᠠ ᠂ ᠥᠪᠡᠷ ᠦᠨᠵᠠᠩ ᠴᠢᠨᠠᠷ ᠢ᠋ᠶ᠋ᠠᠷ ᠢ᠋ᠶ᠋ᠠᠨ ᠂ ᠥᠪᠡᠷ ᠦ᠋ᠨ ᠢ᠋ᠶ᠋ᠡᠨ ᠣᠨᠴᠠᠯᠢᠭ ᠳᠠᠪᠠᠭᠤᠯᠢᠭ ᠢ᠋ᠶ᠋ᠠᠷ ᠢ᠋ᠶ᠋ᠠᠨ ᠥᠪᠡᠷ ᠦ᠋ᠨ ᠢ᠋ᠶ᠋ᠡᠨ ᠬᠡᠯᠡ ᠬᠡᠯᠡᠯᠭᠡ ᠪᠡᠷ ᠢ᠋ᠶ᠋ᠡᠨ ᠪᠡᠶ᠎ᠡ ᠪᠡᠨ ᠳᠠᠭᠠᠭᠠᠵᠤ ( ᠪᠤᠰᠤᠳ ᠢ᠋ ᠳᠠᠭᠤᠷᠢᠶᠠᠬᠤ ᠪᠤᠶᠤ ᠮᠥᠷᠳᠡᠬᠦ ᠪᠢᠰᠢ) ᠪᠢᠴᠢᠬᠦ ᠶ᠋ᠢ ᠣᠨᠴᠠᠯᠠᠨ ᠬᠢᠴᠢᠶᠡᠪᠡᠯ ᠵᠣᠬᠢᠨ᠎ᠠ ᠂ ᠢᠩᠭᠢᠪᠡᠯ ᠰᠠᠶᠢ ᠵᠣᠬᠢᠶᠠᠯ ᠴᠢᠨᠢ ᠵᠣᠭᠰᠣᠵᠤ ᠴᠢᠳᠠᠨ᠎ᠠ ᠂ ᠵᠣᠬᠢᠶᠠᠭᠴᠢ ᠦᠨᠡᠮᠰᠢᠭᠳᠡᠵᠦ ᠴᠢᠳᠠᠨ᠎ᠠ ᠂ ᠵᠣᠬᠢᠶᠠᠯ ᠪᠠ ᠵᠣᠬᠢᠶᠠᠭᠴᠢ ᠰᠠᠶᠢ ᠬᠠᠮᠲᠤ ᠠᠮᠢᠳᠤᠷᠠᠵᠤ ᠴᠢᠳᠠᠨ᠎ᠠ᠂ ᠴᠠᠭ ᠦᠶ᠎ᠡ ᠶ᠋ᠢᠨ ᠰᠢᠯᠭᠠᠯᠲᠠ ᠰᠣᠩᠭᠣᠯᠲᠠ ᠶ᠋ᠢ ᠬᠦᠯᠢᠶᠡᠬᠦ ᠪᠣᠯᠤᠨ᠎ᠠ ᠃
6
ᠤᠷᠠᠨ ᠰᠠᠨᠠᠭ᠎ᠠ ᠶ᠋ᠢ ᠭᠠᠷᠭᠠᠬᠤ ᠶ᠋ᠢᠨ ᠵᠠᠩᠭᠢᠯᠠᠭ᠎ᠠ ᠨᠢ ᠢᠯᠡᠷᠡᠭᠦᠯᠬᠦ ᠳᠡᠭᠡᠷ᠎ᠡ ᠪᠠᠢᠨ᠎ᠠ ᠭᠡᠳᠡᠭ ᠶᠦ᠍ᠮ ᠪᠣᠯ ᠢᠯᠡᠷᠡᠭᠦᠯᠦᠭᠰᠡᠨ ᠵᠦᠢᠯ ᠢ᠋ᠶ᠋ᠡᠨ ᠡᠳ᠋ ᠪᠣᠯᠭᠠᠬᠤ ᠳ᠋ᠤ᠌ ᠠᠭᠤᠳᠠᠯᠯᠠᠬᠤ ᠳ᠋ᠤ᠌ ᠲᠦᠰᠢᠭᠯᠡᠨ᠎ᠡ ᠂ ᠬᠡᠨ ᠬᠡᠷᠪᠡ ᠢᠯᠡᠷᠡᠭᠦᠯᠦᠭᠰᠡᠨ ᠵᠦᠢᠯ ᠢ᠋ᠶ᠋ᠡᠨ ᠭᠦᠨᠵᠡᠭᠡᠢ ᠮᠠᠯᠲᠠᠵᠤ ᠂ ᠲᠡᠭᠦᠨ ᠦ ᠨᠢᠭᠤᠭᠳᠠᠵᠤ ᠪᠠᠢᠭ᠎ᠠ ᠳᠠᠯᠳᠠ ᠭᠦᠨᠵᠡᠭᠡᠢ ᠤᠳᠬ᠎ᠠ ᠰᠠᠨᠠᠭ᠎ᠠ ᠪᠠ ᠰᠠᠨᠠᠭ᠎ᠠ ᠠᠬᠤᠢ ᠂ ᠰᠢᠯᠦᠭ ᠦ᠋ᠨ ᠪᠤᠯᠠᠭᠳᠠᠴᠠ ᠶ᠋ᠢ ᠮᠠᠯᠲᠠᠨ ᠭᠠᠷᠭᠠᠵᠤ ᠴᠢᠳᠠᠪᠠᠯ ᠲᠡᠷᠡ ᠡᠭᠦᠳᠦᠨ ᠪᠦᠲᠦᠭᠡᠭᠰᠡᠨ ᠠᠯᠲᠠᠨ ᠮᠧᠲ᠋ᠠᠯ ᠢ᠋ ᠣᠯᠵᠤ ᠵᠡᠭᠦᠬᠦ ᠶᠣᠰᠣᠲᠠᠢ᠃ ᠢᠯᠡᠷᠡᠭᠦᠯᠦᠭᠰᠡᠨ ᠵᠦᠢᠯ ᠦ᠋ᠨ ᠢ᠋ᠶ᠋ᠡᠨ ᠳᠠᠯᠳᠠ ᠭᠦᠨᠵᠡᠭᠡᠢ ᠤᠳᠬ᠎ᠠ ᠰᠠᠨᠠᠭ᠎ᠠ ᠶ᠋ᠢ ᠮᠠᠯᠲᠠᠨ᠎ᠠ ᠭᠡᠳᠡᠭ ᠪᠣᠯ ᠭᠦᠨ ᠤᠬᠠᠭᠠᠨᠴᠢ ᠤᠳᠬ᠎ᠠ ᠰᠠᠨᠠᠭ᠎ᠠ ᠪᠦᠬᠦᠢ ᠦᠭᠡ ᠥᠭᠦᠯᠡᠪᠦᠷᠢ ᠳᠡᠭᠡᠷ᠎ᠡ ᠬᠤᠷᠢᠶᠠᠩᠭᠤᠢᠯᠠᠵᠤ ᠲᠠᠯᠪᠢᠬᠤ ᠶᠠᠪᠤᠳᠠᠯ ᠮᠥᠨ ᠂ ᠢᠩᠭᠢᠪᠡᠯ ᠰᠠᠶᠢ ᠰᠢᠯᠦᠭ ᠦ᠋ᠨ ᠤᠳᠬ᠎ᠠ ᠰᠠᠨᠠᠭ᠎ᠠ ᠨᠢᠭᠡ ᠯᠡ ᠳᠡᠭᠡᠷ᠎ᠡ ᠭᠢᠯᠪᠠᠨ ᠮᠠᠨᠳᠤᠵᠤ ᠂ ᠬᠥᠮᠦᠰ ᠤᠨ ᠣᠶᠤᠨ ᠳ᠋ᠤ᠌ ᠭᠢᠯᠠᠰᠬᠢᠨ ᠲᠤᠰᠤᠨ᠎ᠠ ᠃
ᠴᠢ · ᠮᠡᠷᠭᠡᠨ ᠦ᠌ 《ᠤᠰᠤᠨ ᠤ᠋ ᠳᠣᠯᠭᠢᠶ᠎ᠠ 》 ᠪᠠᠷ ᠵᠢᠱ᠌ᠢᠶᠡᠯᠡᠵᠦ ᠬᠡᠯᠡᠯᠴᠡᠪᠡᠯ ᠂ ᠤᠰᠤᠨ ᠤ᠋ ᠳᠣᠯᠭᠢᠶ᠎ᠠ ᠶ᠋ᠢ ᠨᠢᠳᠦᠲᠡᠢ ᠬᠥᠮᠦᠨ ᠪᠣᠯᠭᠠᠨ ᠦᠵᠡᠵᠦ ᠥᠩᠭᠡᠷᠡᠭᠰᠡᠨ ᠪᠣᠯᠪᠠᠴᠤ ᠲᠡᠭᠦᠨ ᠳ᠋ᠦ᠍ ᠶᠠᠮᠠᠷ ᠢᠷᠠᠭᠤ ᠨᠠᠢᠷᠠᠭ ᠤ᠋ᠨ ᠤᠳᠬ᠎ᠠ ᠂ ᠭᠦᠨ ᠤᠬᠠᠭᠠᠨ ᠤ᠋ ᠰᠠᠨᠠᠭ᠎ᠠ ᠠᠬᠤᠭᠤᠯᠤᠭᠳᠠᠵᠤ ᠪᠠᠢᠬᠤ ᠶ᠋ᠢ ᠬᠥᠮᠦᠰ ᠶᠡᠷᠦᠨᠢ ᠰᠡᠳᠬᠢᠳᠡᠭ ᠦᠭᠡᠢ ᠰᠠᠨ ᠂ ᠭᠡᠪᠡᠴᠦ᠂ ᠰᠢᠯᠦᠭᠴᠢᠨ ᠬᠠᠷᠢᠨ ᠡᠢᠮᠦᠷᠬᠦ ᠡᠪ ᠡᠩ ᠦ᠋ᠨ ᠪᠠᠢᠭᠠᠯᠢ ᠶ᠋ᠢᠨ ᠦᠵᠡᠭᠳᠡᠯ ᠢ᠋ ᠰᠡᠳᠦᠪᠯᠡᠨ ᠪᠢᠴᠢᠭᠡᠳ ᠂ ᠰᠡᠳᠦᠪ ᠦ᠋ᠨ ᠢ᠋ᠶ᠋ᠡᠨ ᠤᠳᠬ᠎ᠠ ᠤᠴᠢᠷ ᠢ᠋ ᠨᠢᠭᠡᠨ ᠠᠯᠬᠤᠮ ᠭᠦᠨᠵᠡᠭᠡᠢ ᠠᠭᠤᠳᠠᠯᠠᠵᠤ ᠂ ᠲᠡᠭᠦᠨ ᠦ᠌ ᠭᠦᠨ ᠤᠬᠠᠭᠠᠨ ᠤᠳᠬ᠎ᠠ ᠰᠠᠨᠠᠭ᠎ᠠ ᠶ᠋ᠢ ᠤᠩᠰᠢᠭᠴᠢᠳ ᠲᠤ᠌ ᠲᠣᠯᠢᠯᠠᠭᠤᠯᠪᠠ ᠃ ᠰᠢᠯᠦᠭᠴᠢᠨ ᠪᠢᠴᠢᠬᠦ ᠳ᠋ᠡᠭᠡᠨ ᠄ 《 ᠰᠢᠨᠲᠠᠷᠠᠰᠢ ᠦᠭᠡᠢ ᠲᠡᠮᠡᠴᠡᠬᠦ ᠵᠣᠷᠢᠭ ᠪᠣᠯᠤᠨ ᠵᠣᠭᠰᠣᠰᠢ ᠦᠭᠡᠢ ᠤᠷᠤᠭᠰᠢᠯᠠᠬᠤ ᠬᠦᠴᠦᠨ ᠪᠣᠯ ᠴᠢᠨᠦ ᠮᠥᠩᠬᠡ ᠶ᠋ᠢᠨ ᠴᠣᠭᠴᠠᠰ ᠮᠥᠨ ᠃ ᠬᠠᠳᠠ ᠴᠢᠯᠠᠭᠤᠨ ᠳ᠋ᠤ᠌ ᠮᠥᠷᠭᠥᠭᠡᠳ ᠬᠠᠮᠤᠭ ᠪᠡᠶ᠎ᠡ ᠴᠢᠨᠢ ᠰᠦᠢᠷᠡᠵᠦ ᠪᠠᠢᠭᠰᠠᠨ ᠴᠤ᠌ ᠂ ᠬᠠᠷᠰᠢ ᠰᠠᠭᠠᠳ ᠲᠤ᠌ ᠤᠴᠠᠷᠠᠭᠠᠳ ᠬᠡᠯᠬᠢᠮᠡᠯ ᠤᠷᠤᠰᠬᠠᠯ ᠴᠢᠨᠢ ᠬᠠᠰᠢᠭᠳᠠᠵᠤ ᠪᠠᠢᠭᠰᠠᠨ ᠴᠤ᠌ ᠬᠠᠨᠳᠤᠭᠰᠠᠨ ᠵᠦᠭ ᠲᠡᠭᠡᠨ ᠮᠢᠲᠠᠷᠠᠰᠢ ᠦᠭᠡᠢ ᠴᠥᠬᠥᠷᠡᠰᠢ ᠦᠭᠡᠢ ᠲᠡᠮᠡᠴᠡᠵᠦ ᠪᠠᠢᠳᠠᠭ ᠤᠴᠢᠷ ᠠ᠋ᠴᠠ ᠵᠣᠷᠢᠭᠰᠠᠨ ᠭᠠᠵᠠᠷ ᠲᠠᠭᠠᠨ ᠴᠢ ᠰᠠᠶᠢ ᠬᠦᠷᠴᠦ ᠴᠢᠳᠠᠳᠠᠭ ᠃》 ᠠᠳᠠ ᠂ ᠵᠣᠬᠢᠶᠠᠭᠴᠢ ᠤᠰᠤᠨ ᠤ᠋ ᠳᠣᠯᠭᠢᠶ᠎ᠠ ᠶ᠋ᠢᠨ ᠵᠣᠷᠢᠭᠰᠠᠨ ᠳ᠋ᠠᠭᠠᠨ ᠬᠦᠷᠬᠦ ᠶ᠋ᠢᠨ ᠲᠥᠯᠥᠭᠡ《ᠪᠡᠶ᠎ᠡ ᠰᠦᠢᠷᠡᠵᠦ ᠪᠠᠢᠭᠰᠠᠨ ᠴᠤ᠌ ᠰᠢᠨᠲᠠᠷᠠᠰᠢ ᠦᠭᠡᠢ ᠲᠡᠮᠡᠴᠡᠵᠦ ᠂ ᠰᠠᠭᠠᠳ ᠤᠴᠠᠷᠠᠵᠤ ᠪᠠᠢᠭᠰᠠᠨ ᠴᠤ᠌ ᠵᠣᠭᠰᠣᠰᠢ ᠦᠭᠡᠢ ᠤᠷᠤᠭᠰᠢᠯᠠᠳᠠᠭ 》 ᠡᠷᠬᠢᠮ ᠳᠡᠭᠡᠳᠦ ᠵᠣᠷᠢᠭ ᠰᠥᠰᠥ ᠡᠷᠡᠯᠬᠡᠭ ᠪᠠᠭᠠᠲᠤᠷᠯᠢᠭ ᠵᠠᠩ ᠴᠢᠨᠠᠷ ᠢ᠋ ᠮᠠᠭᠲᠠᠨ ᠳᠠᠭᠤᠯᠠᠵᠤ ᠂ ᠬᠥᠮᠦᠰ ᠢ᠋ ᠲᠡᠭᠦᠨ ᠦ ᠬᠠᠯᠠᠰᠢᠷᠠᠰᠢ ᠦᠭᠡᠢ ᠬᠠᠲᠠᠭᠤ ᠵᠣᠷᠢᠭ ᠢ᠋ ᠳ᠋ᠡᠭᠡᠨ ᠰᠤᠷᠤᠯᠴᠠᠭᠤᠯᠵᠤ ᠂ ᠠᠮᠢᠳᠤᠷᠠᠯ ᠲᠡᠮᠡᠴᠡᠯ ᠳᠤᠮᠳᠠ ᠂ ᠠᠵᠢᠯ ᠦᠢᠯᠡᠰ ᠦ᠋ᠨ ᠳᠣᠲᠣᠷ᠎ᠠ ᠪᠠᠨ ᠨᠡᠩ ᠶᠡᠬᠡ ᠠᠮᠵᠢᠯᠲᠠ ᠢᠯᠠᠯᠲᠠ ᠣᠯᠵᠤ ᠨᠡᠩ ᠵᠡᠬ᠎ᠡ ᠤᠷᠤᠭᠰᠢᠯᠠᠯᠲᠠ ᠳᠠᠪᠰᠢᠯᠲᠠ ᠲᠠᠢ ᠪᠠᠢᠬᠤ ᠬᠡᠷᠡᠭᠲᠡᠢ ᠭᠡᠵᠦ ᠬᠦᠴᠦ ᠨᠡᠮᠡᠭᠳᠡᠭᠦᠯᠦᠨ ᠵᠣᠷᠢᠭᠵᠢᠭᠤᠯᠪᠠ ᠃
ᠨᠢᠮ᠎ᠠ ᠶ᠋ᠢᠨ 《 ᠬᠠᠮᠤᠭ ᠤ᠋ᠨ ᠶᠡᠬᠡ ᠪᠠᠶᠠᠨ 》 ᠭᠡᠰᠡᠨ ᠵᠠᠳᠠᠭᠠᠢ ᠰᠢᠯᠦᠭ ᠲᠦ᠍ ᠄《 ᠁ᠦᠷ᠎ᠡ ᠵᠢᠮᠢᠰ ᠦ᠋ᠨ ᠠᠷᠪᠢᠨ ᠂ ᠡᠵᠡᠨ ᠲᠣᠯᠣᠭᠠᠢ ᠶ᠋ᠢᠨ ᠣᠯᠠᠨ ᠂ ᠡᠬᠡᠰᠢᠭ ᠳᠠᠭᠤᠤ ᠶ᠋ᠢᠨ ᠦᠯᠡᠮᠵᠢ ᠂ ᠡᠨᠡᠷᠢᠯ ᠬᠠᠢᠷ᠎ᠠ ᠶ᠋ᠢᠨ ᠵᠤᠵᠠᠭᠠᠨ ᠢ᠋ᠶ᠋ᠠᠷ ᠢ᠋ᠶ᠋ᠠᠨ ᠠᠮᠢᠳᠤᠷᠠᠯ ᠢ᠋ ᠳᠠᠪᠠᠬᠤ ᠪᠠᠶᠠᠨ ᠭᠡᠵᠦ ᠡᠨᠡ ᠳᠡᠯᠡᠬᠡᠢ ᠳ᠋ᠦ᠍ ᠥᠭᠡᠷ᠎ᠡ ᠨᠢᠭᠡ ᠴᠦ᠍ ᠦᠭᠡᠢ ᠂ ᠬᠥᠯ ᠢ᠋ᠶ᠋ᠡᠨ ᠬᠠᠵᠠᠭᠠᠢ ᠭᠢᠰᠬᠢᠬᠦ ᠦᠭᠡᠢ ᠂ ᠬᠥᠯᠥᠰᠥ ᠤᠷᠤᠰᠬᠠᠬᠤ ᠠ᠋ᠴᠠ ᠪᠠᠨ ᠠᠶᠤᠬᠤ ᠦᠭᠡᠢ ᠯᠡ ᠪᠣᠯ ᠬᠦᠰᠡᠭᠰᠡᠨ ᠪᠦᠬᠦᠨ ᠢ᠋ᠶ᠋ᠡᠨ ᠪᠦᠷ ᠲᠡᠭᠦᠨ ᠡᠴᠡ ᠣᠯᠵᠤ ᠪᠣᠯᠤᠨ᠎ᠠ 》ᠭᠡᠵᠦ ᠪᠢᠴᠢᠪᠡ ᠃ ᠬᠥᠮᠦᠨ ᠪᠣᠯᠵᠤ ᠬᠥᠷᠥᠰᠥᠲᠦ ᠳᠡᠯᠡᠬᠡᠢ ᠳᠡᠭᠡᠷ᠎ᠡ ᠠᠮᠢᠳᠤᠷᠠᠭᠴᠢᠳ ᠵᠠᠪᠠᠯ ᠮᠠᠭᠤ ᠤᠴᠢᠷ ᠪᠤᠤ ᠦᠢᠯᠡᠳ ᠂ ᠠᠯᠳᠠᠭ᠎ᠠ ᠣᠰᠣᠯ ᠪᠤᠤ ᠭᠠᠷᠭ᠎ᠠ ᠂ ᠠᠵᠢᠯ ᠬᠥᠳᠡᠯᠮᠦᠷᠢ ᠳ᠋ᠦ᠍ ᠰᠢᠮᠳᠠᠵᠤ ᠠᠯᠵᠠᠭᠤᠷᠠᠯ ᠦᠭᠡᠢ ᠴᠢᠷᠮᠠᠢᠪᠠᠯ ᠰᠠᠨᠠᠭᠰᠠᠨ ᠰᠠᠨᠠᠭ᠎ᠠ ᠪᠡᠶᠡᠯᠡᠭᠳᠡᠵᠦ ᠂ ᠰᠢᠢᠳᠦᠭᠰᠡᠨ ᠵᠣᠷᠢᠭ ᠲᠠᠭᠠᠨ ᠬᠦᠷᠴᠦ ᠴᠢᠳᠠᠨ᠎ᠠ ᠭᠡᠵᠦ ᠬᠥᠮᠦᠨ ᠪᠣᠯᠬᠤ ᠶ᠋ᠢᠨ ᠰᠤᠷᠭᠠᠯ ᠦᠭᠡ ᠂ ᠠᠵᠤ ᠠᠮᠢᠳᠤᠷᠠᠯ ᠤ᠋ᠨ ᠲᠤᠷᠰᠢᠯᠭ᠎ᠠ ᠳ᠋ᠦᠩᠨᠡᠯᠲᠡ ᠶ᠋ᠢ ᠤᠩᠰᠢᠭᠴᠢᠳ ᠲᠤ᠌ ᠬᠠᠢᠷᠠᠯᠠᠭᠰᠠᠨ ᠪᠠᠢᠨ᠎ᠠ᠃ ᠵᠠᠳᠠᠭᠠᠢ ᠰᠢᠯᠦᠭ ᠪᠣᠯ ᠵᠠᠪᠠᠯ ᠨᠢᠭᠡᠨ ᠶᠣᠰᠣ ᠤᠴᠢᠷ ᠂ ᠶᠣᠭᠲᠠ ᠤᠳᠬ᠎ᠠ ᠶ᠋ᠢ ᠭᠠᠷᠭᠠᠳᠠᠭ ᠂ ᠭᠡᠬᠦ ᠳ᠋ᠡᠭᠡᠨ ᠵᠠᠷᠢᠮ ᠨᠢ ᠪᠣᠯ ᠳᠦᠷᠢ ᠳᠦᠷᠰᠦᠯᠡᠯ ᠢ᠋ᠶ᠋ᠡᠷ ᠢ᠋ᠶ᠋ᠡᠨ ᠳᠠᠮᠵᠢᠭᠤᠯᠵᠤ ᠤᠩᠰᠢᠭᠴᠢᠳ ᠢ᠋ ᠪᠤᠳᠤᠭᠤᠯᠤᠨ ᠪᠠᠢᠵᠤ ᠣᠯᠭᠣᠳᠠᠭ ᠂ ᠵᠠᠷᠢᠮ ᠨᠢ ᠪᠣᠯ ᠰᠢᠭᠤᠳ ᠭᠠᠷᠭᠠᠳᠠᠭ ᠂ ᠲᠡᠳᠡᠭᠡᠷ ᠦᠭᠡ ᠨᠢ ᠵᠠᠷᠢᠮ ᠳ᠋ᠠᠭᠠᠨ ᠰᠤᠷᠭᠠᠯ ᠦᠭᠡ ᠂ ᠰᠡᠴᠡᠨ ᠦᠭᠡ ᠂ ᠮᠡᠷᠭᠡᠨ ᠦᠭᠡ ᠪᠠᠢᠵᠤ ᠪᠣᠯᠤᠨ᠎ᠠ ᠂ ᠦᠭᠡ ᠨᠢ ᠴᠥᠭᠡᠨ ᠪᠣᠯᠪᠠᠴᠤ ᠤᠳᠬ᠎ᠠ ᠭᠦᠨ ᠃ ᠭᠦᠨ ᠤᠳᠬ᠎ᠠ ᠲᠠᠢ ᠶᠣᠭᠲᠠ ᠰᠠᠨᠠᠭ᠎ᠠ ᠲᠠᠢ ᠰᠡᠴᠡᠨ ᠮᠡᠷᠭᠡᠨ ᠰᠤᠷᠭᠠᠯ ᠦᠭᠡᠰ ᠪᠣᠯ ᠪᠠᠷᠤᠭ ᠲᠥᠯᠥᠪ ᠲᠤᠰ ᠵᠣᠬᠢᠶᠠᠯ ᠳ᠋ᠠᠭᠠᠨ ᠲᠤᠭᠪᠣᠯᠤᠨ ᠬᠡᠢᠰᠴᠦ ᠨᠢᠳᠦ ᠪᠣᠯᠤᠨ ᠬᠡᠷᠡᠯᠳᠦᠳᠡᠭ ᠶᠦ᠍ᠮ᠃ ᠲᠡᠢᠮᠦ ᠡᠴᠡ ᠂ ᠵᠠᠳᠠᠭᠠᠢ ᠰᠢᠯᠦᠭ ᠪᠢᠴᠢᠭᠰᠡᠨ ᠡᠢᠮᠦᠷᠬᠦ 《 ᠲᠤᠭ 》 ᠢ᠋ ᠣᠯᠵᠤ ᠮᠠᠨᠳᠤᠭᠤᠯᠤᠨ ᠡᠢᠮᠦᠷᠬᠦ 《 ᠨᠢᠳᠦ 》 ᠶ᠋ᠢ ᠵᠢᠷᠤᠵᠤ ᠭᠡᠷᠡᠯᠲᠦᠭᠦᠯᠬᠦ ᠶᠠᠪᠤᠳᠠᠯ ᠲᠤᠩ ᠴᠢᠬᠤᠯᠠ ᠠᠵᠢ ᠃
7 ᠵᠠᠳᠠᠭᠠᠢ ᠰᠢᠯᠦᠭ ᠪᠣᠯ ᠰᠠᠨᠠᠭ᠎ᠠ ᠠᠬᠤᠢ ᠪᠦᠲᠦᠭᠡᠬᠦ ᠶᠠᠪᠤᠳᠠᠯ ᠢ᠋ ᠡᠷᠬᠢᠮᠯᠡᠳᠡᠭ ᠃ ᠵᠠᠳᠠᠭᠠᠢ ᠰᠢᠯᠦᠭ ᠲᠦ᠍ ᠰᠠᠨᠠᠭ᠎ᠠ ᠠᠬᠤᠢ ᠶ᠋ᠢ ᠪᠦᠲᠦᠭᠡᠭᠰᠡᠨ ᠦᠦ ᠂ ᠦᠭᠡᠢ ᠦᠦ ? ᠬᠢᠷᠢ ᠵᠡᠷᠭᠡ ᠪᠦᠲᠦᠭᠡᠭᠰᠡᠨ? ᠭᠡᠳᠡᠭ ᠪᠣᠯ ᠬᠡᠷᠡᠭ ᠳᠡᠭᠡᠷ᠎ᠡ ᠪᠡᠨ ᠲᠤᠬᠠᠢ ᠶ᠋ᠢᠨ ᠵᠠᠳᠠᠭᠠᠢ ᠰᠢᠯᠦᠭ ᠦ᠋ᠨ ᠤᠷᠠᠯᠢᠭ ᠤ᠋ᠨ ᠶᠠᠰᠤ ᠴᠢᠨᠠᠷ ᠢ᠋ ᠬᠡᠮᠵᠢᠬᠦ ᠴᠢᠬᠤᠯᠠ ᠪᠠᠷᠢᠮᠵᠢᠶ᠎ᠠ ᠪᠣᠯᠤᠭᠰᠠᠭᠠᠷ ᠢᠷᠡᠪᠡ ᠃ ᠳᠠᠳᠮᠠᠭᠠᠢ ᠪᠣᠯᠪᠰᠤᠷᠠᠩᠭᠤᠢ ᠵᠣᠬᠢᠶᠠᠯᠴᠢᠳ ᠰᠠᠨᠠᠭ᠎ᠠ ᠠᠬᠤᠢ ᠶ᠋ᠢ ᠪᠦᠲᠦᠭᠡᠬᠦ ᠶ᠋ᠢ ᠬᠦᠴᠦ ᠰᠢᠪᠬᠠᠨ ᠬᠥᠭᠡᠭᠡᠴᠡᠯᠳᠦᠭᠰᠡᠭᠡᠷ ᠢᠷᠡᠭᠰᠡᠨ ᠶᠦ᠍ᠮ ᠂ ᠬᠠᠰᠢᠷ ᠳᠣᠬᠢ ᠤᠩᠰᠢᠭᠴᠢᠳ ᠴᠤ᠌ ᠵᠣᠬᠢᠶᠠᠯ ᠢ᠋ ᠤᠩᠰᠢᠮᠠᠭᠴᠠ ᠰᠠᠨᠠᠭ᠎ᠠ ᠠᠬᠤᠢ ᠶ᠋ᠢ ᠨᠢ ᠡᠷᠢᠵᠦ ᠣᠯᠤᠭᠠᠳ ᠰᠣᠨᠢᠷᠬᠠᠬᠤ ᠶᠤᠮ ᠂ ᠰᠣᠭᠲᠣᠭᠤᠷᠠᠬᠤ ᠶᠤᠮ ᠂ ᠪᠠᠶᠠᠷᠯᠠᠬᠤ ᠶᠤᠮ ᠂ ᠪᠠᠬᠠᠳᠤᠬᠤ ᠶᠤᠮ ᠃ ᠰᠠᠨᠠᠭ᠎ᠠ ᠠᠬᠤᠢ ᠪᠣᠯ ᠲᠣᠭᠲᠠᠮᠠᠯ ᠤᠰᠤᠨ ᠤ᠋ ᠴᠡᠭᠡᠯ ᠰᠢᠭ ᠭᠦᠨ ᠨᠢ ᠲᠡᠨᠳᠡ ᠪᠡᠨ ᠪᠣᠢ ᠃ ᠠᠮᠲᠠᠲᠤ ᠠᠷᠢᠬᠢᠨ ᠤ᠋ ᠬᠥᠷᠥᠩᠭᠡ ᠰᠢᠭ ᠡᠬᠢ ᠨᠢ ᠲᠡᠨᠳᠡ ᠪᠡᠨ ᠪᠣᠢ ᠃ ᠨᠠᠢᠷᠠᠯ ᠬᠥᠭᠵᠢᠮ᠎ᠡ ᠶ᠋ᠢᠨ ᠣᠷᠭᠢᠯ ᠰᠢᠭ᠋ ᠢᠳᠡ ᠨᠢ ᠲᠡᠨᠳᠡ ᠪᠡᠨ ᠪᠣᠢ ᠃ ᠠᠲᠠᠨ ᠲᠡᠮᠡᠭᠡᠨ ᠦ᠌ ᠵᠣᠭᠳᠣᠷ ᠰᠢᠭ᠋ ᠰᠦᠷ ᠨᠢ ᠲᠡᠨᠳᠡ ᠪᠡᠨ ᠪᠣᠢ ᠃
ᠵᠠᠳᠠᠭᠠᠢ ᠰᠢᠯᠦᠭ ᠪᠣᠯ ᠠᠮᠢᠳᠤ ᠪᠣᠳᠠᠲᠠᠢ ᠂ ᠤᠷᠠᠯᠢᠭ ᠤ᠋ᠨ ᠬᠡᠪ ᠰᠢᠨᠵᠢᠵᠢᠭᠦᠯᠦᠭᠰᠡ ᠣᠨᠴᠣᠭᠣᠢ ᠵᠠᠷᠢᠮ ᠳᠦᠷᠢ ᠳᠦᠷᠰᠦᠯᠡᠯ ᠪᠠ ᠲᠡᠭᠦᠨ ᠡᠴᠡ ᠪᠣᠢ ᠪᠣᠯᠤᠭᠰᠠᠨ ᠤᠷᠠᠯᠢᠭ ᠤ᠋ᠨ ᠠᠭᠤᠷ ᠠᠮᠢᠰᠬᠤᠯ ᠢ᠋ᠶ᠋ᠠᠷ ᠵᠣᠬᠢᠶᠠᠭᠴᠢ ᠥᠪᠡᠷ ᠦ᠋ᠨ ᠢ᠋ᠶ᠋ᠡᠨ ᠣᠨᠴᠠ ᠵᠠᠷᠢᠮ ᠰᠡᠷᠡᠭᠳᠡᠯ ᠪᠠ ᠪᠤᠴᠠᠯᠤᠮ᠎ᠠ ᠬᠤᠷᠴᠠ ᠤᠶᠠᠩᠭ᠎ᠠ ᠰᠡᠳᠬᠢᠯᠭᠡ ᠪᠡᠨ ᠢᠯᠡᠳᠬᠡᠳᠡᠭ ᠤᠷᠠᠯᠢᠭ ᠤ᠋ᠨ ᠬᠡᠯᠪᠡᠷᠢ ᠪᠣᠯᠤᠨ᠎ᠠ ᠡᠢᠮᠦ ᠳ᠋ᠦ᠍ ᠂ ᠳᠦᠷᠢ ᠳᠦᠷᠰᠦᠯᠡᠯ ᠂ ᠠᠭᠤᠷ ᠠᠮᠢᠰᠬᠤᠯ ᠂ ᠤᠶᠠᠩᠭ᠎ᠠ ᠰᠡᠳᠬᠢᠯᠭᠡ ᠠᠭᠤᠰᠤᠨ ᠨᠡᠢᠯᠡᠵᠦ ᠵᠠᠳᠠᠭᠠᠢ ᠰᠢᠯᠦᠭ ᠦ᠋ᠨ ᠤᠷᠠᠯᠢᠭ ᠤ᠋ᠨ ᠰᠠᠨᠠᠭ᠎ᠠ ᠠᠬᠤᠢ ᠶ᠋ᠢ ᠪᠦᠲᠦᠭᠡᠳᠡᠭ ᠶᠦ᠍ᠮ ᠃ ᠰᠠᠨᠠᠭ᠎ᠠ ᠠᠬᠤᠢ ᠪᠣᠯ ᠠᠬᠤᠢ ᠠᠮᠢᠳᠤᠷᠠᠯ ᠤ᠋ᠨ ᠦᠨᠡᠨ ᠪᠣᠳᠠᠲᠠᠢ ᠠᠭᠤᠯᠭ᠎ᠠ ᠪᠠ ᠠᠮᠢᠳᠤᠷᠠᠯ ᠤ᠋ᠨ ᠲᠤᠬᠠᠢ ᠵᠣᠬᠢᠶᠠᠭᠴᠢ ᠶ᠋ᠢᠨ ᠬᠡᠪ ᠰᠤᠷᠲᠠᠯ ᠥᠪᠡᠷᠮᠢᠴᠡ ᠵᠠᠩ ᠂ ᠣᠢ ᠪᠢᠯᠢᠭ ᠪᠠ ᠤᠷᠠᠯᠢᠭ ᠤ᠋ᠨ ᠴᠢᠳᠠᠪᠤᠷᠢ ᠶ᠋ᠢ ᠴᠦ᠍ ᠲᠤᠰᠬᠠᠨ ᠦᠵᠡᠭᠦᠯᠳᠡᠭ ᠪᠢᠯᠡ ᠃ ᠰᠠᠨᠠᠭ᠎ᠠ ᠠᠬᠤᠢ ᠪᠣᠯ ᠬᠡᠷᠡᠭ ᠳᠡᠭᠡᠷ᠎ᠡ ᠪᠡᠨ ᠵᠣᠬᠢᠶᠠᠯᠴᠢ ᠠ᠋ᠴᠠ ᠠᠮᠢᠳᠤᠷᠠᠯ ᠤ᠋ᠨ ᠠᠭᠤᠯᠭ᠎ᠠ ᠂ ᠠᠮᠢᠳᠤᠷᠠᠯ ᠤ᠋ᠨ ᠠᠭᠤᠷ ᠠᠮᠢᠰᠬᠤᠯ ᠢ᠋ ᠲᠥᠪᠯᠡᠷᠡᠭᠦᠯᠦᠨ ᠬᠤᠷᠢᠶᠠᠩᠭᠤᠢᠯᠠᠭᠰᠠᠨ ᠤ᠋ ᠦᠷ᠎ᠡ ᠳᠠᠭᠠᠪᠤᠷᠢ ᠪᠣᠯᠤᠨ᠎ᠠ ᠃
ᠪ · ᠪᠦᠷᠢᠨᠪᠡᠬᠢ ᠶ᠋ᠢᠨ 《 ᠬᠠᠪᠤᠷ ᠡᠷᠲᠡ 》 ᠭᠡᠳᠡᠭ ᠵᠠᠳᠠᠭᠠᠢ ᠰᠢᠯᠦᠭ ᠪᠣᠯ ᠤᠷᠢᠬᠠᠨ ᠬᠠᠪᠤᠷ ᠤ᠋ᠨ ᠮᠣᠷᠢᠯᠠᠨ ᠢᠷᠡᠭᠰᠡᠨ ᠊ᠢ ᠮᠡᠳᠡᠭᠡᠯᠡᠭᠰᠡᠨ ᠵᠣᠬᠢᠶᠠᠯ ᠪᠣᠯᠤᠨ᠎ᠠ ᠂ ᠤᠯᠠᠷᠢᠯ ᠤ᠋ᠨ ᠲᠦᠷᠦᠭᠦᠦ ᠬᠠᠪᠤᠷ ᠪᠣᠯ ᠠᠵᠢᠯ ᠦᠢᠯᠡᠰ ᠦ᠋ᠨ ᠤᠷᠢᠶ᠎ᠠ ᠳᠠᠭᠤᠳᠠᠯᠭ᠎ᠠ ᠂ ᠠᠮᠢᠳᠤᠷᠠᠯ ᠲᠡᠮᠡᠴᠡᠯ ᠦ᠋ᠨ ᠡᠬᠢᠯᠡᠯᠲᠡ ᠶ᠋ᠢᠨ ᠳᠣᠬᠢᠶ᠎ᠠ ᠂ ᠤᠷᠢᠨ ᠳᠤᠯᠠᠭᠠᠨ ᠤ᠋ ᠤᠯᠠ ᠮᠥᠷ ᠂ ᠤᠷᠭᠤᠮᠠᠯ ᠠᠮᠢᠲᠠᠨ ᠤ᠋ ᠠᠮᠢᠯᠠᠯ ᠤ᠋ᠨ ᠡᠷᠡᠨ ᠮᠥᠨ ᠲᠤᠯᠠ ᠬᠥᠮᠦᠰ ᠬᠡᠵᠢᠶᠡᠳᠡ ᠤᠷᠢᠬᠠᠨ ᠬᠠᠪᠤᠷ ᠢ᠋ᠶ᠋ᠠᠷ ᠦᠯᠵᠢᠢᠬᠤᠳᠤᠭ ᠤ᠋ᠨ ᠵᠥᠩᠨᠡᠯ ᠪᠣᠯᠭᠠᠳᠠᠭ ᠂ ᠡᠢᠮᠦ ᠡᠴᠡ ᠂ ᠤᠷᠢᠬᠠᠨ ᠬᠠᠪᠤᠷ ᠤ᠋ᠨ ᠮᠣᠷᠢᠯᠠᠨ ᠢᠷᠡᠬᠦ ᠶ᠋ᠢ ᠬᠥᠮᠦᠨ ᠪᠦᠬᠦᠨ ᠬᠦᠰᠡᠨ ᠪᠠᠬᠠᠲᠠᠲᠠᠭ ᠂ ᠬᠥᠭᠵᠢᠨ ᠪᠠᠷᠠᠯᠠᠳᠠᠭ ᠃ ᠡᠢᠮᠦᠷᠬᠦ ᠤᠷᠢᠬᠠᠨ ᠬᠠᠪᠤᠷ ᠤ᠋ᠨ ᠮᠣᠷᠢᠯᠠᠨ ᠢᠷᠡᠭᠰᠡᠨ ᠴᠢᠮᠡᠭᠡ ᠶ᠋ᠢ ᠮᠡᠳᠡᠭᠡᠯᠡᠵᠦ ᠬᠠᠪᠤᠷ ᠢ᠋ ᠤᠭᠲᠤᠨ ᠪᠠᠶᠠᠰᠤᠭᠰᠠᠨ ᠰᠡᠳᠬᠢᠯᠭᠡ ᠪᠡᠨ ᠢᠯᠡᠳᠬᠡᠬᠦ ᠳ᠋ᠡᠭᠡᠨ ᠵᠣᠬᠢᠶᠠᠭᠴᠢ ᠰᠢᠭᠤᠳ ᠬᠠᠰᠬᠢᠷᠴᠤ ᠭᠠᠷᠭᠠᠭᠰᠠᠨ ᠪᠢᠰᠢ ᠂ ᠬᠠᠷᠢᠨ ᠳᠦᠷᠢ ᠳᠦᠷᠰᠦᠯᠡᠯ ᠢ᠋ᠶ᠋ᠡᠷ ᠳᠠᠮᠵᠢᠭᠤᠯᠤᠨ ᠂ ᠰᠠᠨᠠᠭ᠎ᠠ ᠠᠬᠤᠢ ᠶ᠋ᠢ ᠵᠣᠬᠢᠶᠠᠨ ᠪᠠᠢᠵᠤ ᠢᠯᠡᠳᠬᠡᠭᠰᠡᠨ ᠶᠦ᠍ᠮ ᠃ ᠲᠤᠰ ᠵᠣᠬᠢᠶᠠᠯ ᠳ᠋ᠤ᠌ ᠂ ᠪᠡᠶᠡᠰᠦᠨ ᠨᠢᠰᠦᠯᠬᠢᠯᠡᠭᠴᠢ ᠤᠷᠠᠨ ᠬᠠᠷᠢᠶᠠᠴᠠᠢ ᠂ ᠲᠥᠯ ᠲᠤᠰᠤᠭᠴᠢ ᠬᠣᠨᠢᠴᠢᠨ ᠬᠡᠦᠬᠡᠨ ᠂ ᠬᠠᠩᠬᠤᠯᠤᠨ ᠦᠯᠢᠶᠡᠭᠴᠢ ᠤᠷᠢᠬᠠᠨ ᠰᠠᠯᠬᠢ ᠂ ᠬᠥᠪᠦᠨ ᠠᠩᠭᠢᠯᠠᠬᠤ ᠴᠠᠭᠠᠨ ᠢᠳᠡᠭᠡᠨ ᠦ᠌ ᠦᠨᠦᠷ ᠂ ᠪᠠᠭᠯᠠᠷᠠᠨ ᠰᠠᠭᠤᠭᠴᠢ ᠴᠡᠴᠡᠭ ᠦ᠋ᠨ ᠴᠣᠮᠣᠷᠯᠢᠭ ᠂ ᠳᠠᠭᠤᠯᠠᠨ ᠪᠥᠵᠢᠭᠯᠡᠭᠴᠢ ᠴᠡᠴᠡᠷᠯᠢᠭ ᠦ᠋ᠨ ᠬᠡᠦᠬᠡᠳ ᠵᠡᠷᠭᠡ ᠳᠦᠷᠢ ᠳᠦᠷᠰᠦᠯᠡᠯ ᠃ ᠤᠷᠠᠨ ᠬᠠᠷᠢᠶᠠᠴᠠᠢ ᠶ᠋ᠢᠨ ᠭᠡᠨᠡᠳᠲᠡ ᠳᠡᠭᠡᠭᠰᠢ ᠂ ᠭᠡᠨᠡᠳᠲᠡ ᠳᠣᠭᠣᠭᠰᠢ ᠂ ᠭᠡᠨᠡᠳᠲᠡ ᠵᠥᠷᠢᠯᠳᠦᠨ ᠂ ᠭᠡᠨᠡᠳᠲᠡ ᠵᠡᠷᠭᠡᠴᠡᠵᠦ ᠪᠡᠶᠡᠰᠦᠨ ᠨᠢᠰᠴᠦ ᠪᠠᠢᠭ᠎ᠠ ᠲᠡᠨᠢᠭᠦᠨ ᠣᠮᠣᠭᠯᠠᠩᠭᠤᠢ ᠠᠭᠤᠷ ᠠᠮᠢᠰᠬᠤᠯ ᠂ ᠬᠣᠨᠢᠴᠢᠨ ᠬᠡᠦᠬᠡᠨ ᠦ᠌ ᠬᠡᠰᠡᠭ ᠡᠰᠢ ᠪᠡᠨ ᠂ ᠬᠡᠰᠡᠭ ᠲᠠᠰᠢ ᠪᠠᠨ ᠂ ᠬᠡᠰᠡᠭ ᠪᠥᠭᠡᠮᠨᠡᠷᠡᠵᠦ ᠂ ᠬᠡᠰᠡᠭ ᠲᠠᠷᠬᠠᠵᠤ ᠪᠡᠶᠡᠰᠦᠨ ᠳᠠᠪᠬᠢᠯᠳᠤᠵᠤ ᠪᠠᠢᠭ᠎ᠠ ᠴᠣᠪᠣᠭᠣ ᠳᠠᠪᠵᠠᠨ ᠪᠠᠢᠳᠠᠯ ᠰᠢᠨᠵᠢ ᠂ ᠤᠷᠢᠬᠠᠨ ᠰᠠᠯᠬᠢᠨ ᠤ᠋ ᠬᠠᠶᠠ ᠰᠡᠷᠴᠢᠭᠢᠨᠡᠨ ᠂ ᠬᠠᠶᠠ ᠵᠣᠭᠰᠣᠵᠤ ᠂ ᠬᠠᠶᠠ ᠴᠢᠩᠭᠠᠷᠠᠨ ᠂ ᠬᠠᠶᠠ ᠨᠠᠮᠢᠷᠠᠵᠤ ᠪᠠᠢᠭ᠎ᠠ ᠴᠢᠯᠥᠭᠡᠲᠦ ᠲᠠᠭᠠᠯᠠᠮᠵᠢᠲᠠᠢ ᠠᠭᠤᠷ ᠠᠮᠢᠰᠬᠤᠯ ᠂ ᠬᠠᠶᠠ ᠲᠣᠳᠣᠷᠬᠠᠢ ᠂ ᠬᠠᠶᠠ ᠪᠠᠯᠠᠷᠬᠠᠢ ᠂ ᠬᠠᠶᠠ ᠤᠷᠲᠤ ᠂ ᠬᠠᠶᠠ ᠪᠣᠭᠣᠨᠢ ᠰᠣᠨᠣᠰᠳᠠᠬᠤ ᠰᠠᠭᠠᠯᠢᠴᠢᠳ ᠤᠨᠳᠠᠭᠤᠤ ᠶ᠋ᠢᠨ ᠠᠶᠠᠯᠭᠤ ᠪᠠ ᠵᠢᠴᠢ ᠲᠡᠳᠡᠨ ᠦ᠌ ᠪᠠᠶᠠᠰᠬᠤᠯᠠᠩᠲᠤ ᠴᠣᠪᠣᠭᠣ ᠵᠠᠩ ᠪᠠᠶ᠋ᠢᠲᠠᠯ ᠂ ᠬᠥᠪᠦᠨ ᠢᠷᠡᠬᠦ ᠤᠭᠤᠷᠠᠭ ᠤ᠋ᠨ ᠦᠨᠦᠷ ᠂ ᠰᠦᠨ ᠦ᠌ ᠦᠨᠦᠷ ᠵᠥᠭᠡᠬᠡᠢ ᠶ᠋ᠢᠨ ᠦᠨᠦᠷ ᠦ᠋ᠨ ᠪᠠᠶᠠᠯᠢᠭ ᠳᠦᠭᠦᠷᠡᠩ ᠠᠭᠤᠷ ᠠᠮᠢᠰᠬᠤᠯ ᠂ ᠰᠦ᠍ ᠴᠠᠭᠠᠨ ᠂ ᠰᠤᠪᠤᠳ ᠴᠠᠭᠠᠨ ᠭᠦᠢᠯᠡᠰᠦᠨ ᠴᠡᠴᠡᠭ ᠦ᠋ᠨ ᠴᠣᠮᠣᠷᠯᠢᠭ ᠤ᠋ᠨ ᠦᠵᠡᠰᠬᠦᠯᠡᠩᠲᠦ ᠰᠠᠢᠬᠠᠨ ᠥᠩᠭᠡ ᠦᠵᠡᠮᠵᠢ ᠂ ᠵᠢᠴᠢ ᠴᠡᠴᠡᠭ ᠰᠢᠭ᠋ ᠤᠯᠠᠭᠠᠨ ᠠᠯᠴᠢᠭᠤᠷ ᠲᠠᠢ ᠂ ᠨᠠᠪᠴᠢ ᠰᠢᠭ᠋ ᠨᠣᠭᠣᠭᠠᠨ ᠬᠤᠪᠴᠠᠰᠤ ᠲᠠᠢ ᠪᠦᠯᠦᠭ ᠬᠡᠦᠬᠡᠳ ᠦ᠋ᠨ ᠵᠠᠷᠢᠮ ᠨᠢ ᠭᠦᠶᠦᠨ ᠂ ᠵᠠᠷᠢᠮ ᠨᠢ ᠦᠰᠦᠷᠬᠢᠯᠡᠵᠦ ᠂ ᠵᠠᠷᠢᠮ ᠨᠢ ᠪᠥᠵᠢᠭᠯᠡᠨ ᠂ ᠵᠠᠷᠢᠮ ᠨᠢ ᠳᠠᠭᠤᠯᠠᠵᠤ ᠪᠠᠢᠭ᠎ᠠ ᠂ ᠬᠥᠭᠵᠢᠶᠡᠨᠲᠦ ᠪᠠᠢᠳᠠᠯ ᠡᠢᠮᠦ ᠰᠠᠢᠬᠠᠨ ᠳᠦᠷᠢ ᠳᠦᠷᠰᠦᠯᠡᠯ ᠂ ᠠᠭᠤᠷ ᠠᠮᠢᠰᠬᠤᠯ ᠳ᠋ᠤ᠌ ᠪᠠᠬᠠᠳᠤᠨ ᠰᠣᠭᠲᠣᠵᠤ ᠪᠠᠶᠠᠷᠯᠠᠨ ᠪᠤᠴᠠᠯᠤᠭᠰᠠᠨ ᠤᠶᠠᠩᠭ᠎ᠠ ᠰᠡᠳᠬᠢᠯᠭᠡ ᠨᠡᠢᠯᠡᠭᠡᠳ ᠲᠤᠰ ᠵᠠᠳᠠᠭᠠᠢ ᠰᠢᠯᠦᠭ ᠦ᠋ᠨ ᠥᠭᠡᠳᠡᠯᠡᠨ ᠮᠠᠨᠳᠤᠵᠤ ᠪᠠᠢᠭ᠎ᠠ ᠂ ᠳᠡᠭᠵᠢᠨ ᠬᠥᠭᠡᠷᠦᠯᠳᠦᠵᠦ ᠪᠠᠢᠭ᠎ᠠ ᠥᠩᠭᠡ ᠪᠣᠳᠣᠭ ᠲᠠᠢ ᠂ ᠠᠨᠢᠷ ᠴᠢᠮᠡᠭᠡ ᠲᠡᠢ ᠰᠠᠨᠠᠭ᠎ᠠ ᠠᠬᠤᠢ ᠶ᠋ᠢ ᠪᠦᠲᠦᠭᠡᠭᠰᠡᠨ ᠪᠠᠢᠳᠠᠭ ᠃ ᠡᠢᠨᠬᠦ ᠰᠠᠨᠠᠭ᠎ᠠ ᠠᠬᠤᠢ ᠳ᠋ᠤ᠌ ᠬᠥᠮᠦᠰ ᠤᠯᠠᠮ ᠪᠡᠶᠡᠰᠴᠦ ᠂ ᠤᠯᠠᠮ ᠵᠣᠷᠢᠭᠵᠢᠬᠤ ᠨᠢ ᠮᠡᠳᠡᠭᠡᠵᠢ ᠬᠡᠷᠡᠭ ᠃
ᠰᠠᠨᠠᠭ᠎ᠠ ᠠᠬᠤᠢ ᠶ᠋ᠢ ᠪᠦᠲᠦᠭᠡᠬᠦ ᠳ᠋ᠦ᠍ ᠵᠠᠪᠠᠯ ᠵᠢᠷᠤᠭᠯᠠᠨ ᠳᠦᠷᠰᠦᠯᠡᠬᠦ ᠳ᠋ᠦ᠍ ᠲᠦᠰᠢᠭᠯᠡᠬᠦ ᠬᠡᠷᠡᠭᠲᠡᠢ ᠃ ᠤᠷᠠᠨ ᠵᠣᠬᠢᠶᠠᠯ ᠪᠣᠯ ᠦᠵᠡᠭᠦᠯᠳᠡᠭ ᠂ ᠰᠢᠨᠵᠢᠯᠡᠬᠦ ᠤᠬᠠᠭᠠᠨ ᠪᠣᠯ ᠨᠤᠲᠠᠯᠠᠳᠠᠭ ᠭᠡᠵᠦ ᠪᠸᠯᠢᠭᠰᠺᠢ ᠬᠡᠯᠡᠭᠰᠡᠨ ᠪᠢᠯᠡ ᠃ ᠦᠵᠡᠭᠦᠯᠬᠦ ᠭᠡᠪᠡᠯ ᠵᠠᠪᠠᠯ ᠨᠢᠳᠦᠨ ᠳ᠋ᠦ᠍ ᠦᠵᠡᠭᠳᠡᠲᠡᠯᠡ ᠵᠢᠷᠤᠭᠯᠠᠬᠤ ᠬᠡᠷᠡᠭᠲᠡᠢ ᠂ ᠴᠡᠭᠡᠵᠢᠨ ᠳ᠋ᠦ᠍ ᠰᠠᠭᠤᠭᠳᠠᠲᠠᠯᠠ ᠳᠦᠷᠰᠦᠯᠡᠬᠦ ᠬᠡᠷᠡᠭᠲᠡᠢ ᠵᠠᠪᠠᠯ ᠬᠡᠶᠢᠰᠪᠦᠷᠢ ᠤᠬᠠᠭᠳᠠᠬᠤᠨ ᠢ᠋ ᠵᠢᠭᠰᠠᠭᠠᠵᠤ ᠂ ᠬᠣᠭᠣᠰᠣᠨ ᠯᠣᠽᠦ᠋ᠩ ᠬᠠᠰᠬᠢᠷᠬᠤ ᠠ᠋ᠴᠠ ᠡᠷᠡᠰ ᠵᠠᠢᠯᠠᠰᠬᠢᠬᠤ ᠬᠡᠷᠡᠭᠲᠡᠢ ᠃ ᠴᠢᠪ ᠭᠡᠮᠡᠨ ᠮᠠᠨ ᠤ᠋ ᠮᠣᠩᠭᠣᠯ ᠵᠠᠳᠠᠭᠠᠢ ᠰᠢᠯᠦᠭ ( ᠪᠤᠰᠤᠳ ᠲᠥᠷᠥᠯ ᠵᠦᠢᠯ ᠤᠨ ᠤᠷᠠᠨ ᠵᠣᠬᠢᠶᠠᠯ ᠴᠤ ᠪᠠᠭᠲᠠᠵᠤ ᠪᠠᠢᠨ᠎ᠠ ) ᠲᠦ ᠳᠦᠷᠰᠦᠯᠡᠯ ᠵᠢᠷᠤᠭᠯᠠᠯ ᠮᠥᠨ ᠯᠡ ᠰᠦᠷᠡᠬᠡᠢ ᠳᠤᠲᠠᠭᠳᠠᠵᠤ ᠪᠠᠢᠨ᠎ᠠ ᠂ ᠵᠠᠷᠢᠮ ᠨᠥᠬᠥᠳ ᠳᠦᠷᠰᠦᠯᠡᠯ ᠵᠢᠷᠤᠭᠯᠠᠯ ᠳ᠋ᠤ᠌ ᠲᠦᠰᠢᠭᠯᠡᠬᠦ ᠪᠢᠰᠢ ᠂ ᠬᠠᠷᠢᠨ ᠲᠠᠩᠳᠠ ᠬᠡᠢ ᠬᠣᠭᠣᠰᠣᠨ ᠤᠷᠢᠶ᠎ᠠ ᠯᠣᠽᠦ᠋ᠩ ᠬᠠᠰᠬᠢᠷᠬᠤ ᠳᠤᠷᠠᠲᠠᠢ ᠂ ᠡᠨᠡ ᠪᠣᠯ ᠤᠷᠠᠨ ᠵᠣᠬᠢᠶᠠᠯ ᠤ᠋ᠨ ᠵᠢᠩᠬᠢᠨᠢ ᠨᠢᠭᠤᠴᠠ ᠤᠪᠠᠳᠢᠰ ᠢ᠋ ᠡᠵᠡᠮᠰᠢᠭᠡᠳᠦᠢ ᠶ᠋ᠢᠨ ᠢᠯᠡᠷᠡᠯ ᠮᠥᠨ ᠃ ᠭᠣᠷᠺᠢ ᠶ᠋ᠢᠨ 《 ᠰᠡᠯᠭᠡᠨ ᠰᠢᠪᠠᠭᠤ 》 ᠬᠡᠳᠦᠬᠡᠨ ᠵᠠᠭᠤᠨ ᠦᠰᠦᠭ ᠲᠡᠢ ᠪᠠᠢᠲᠠᠯ᠎ᠠ ᠪᠠᠨ ᠲᠠᠩᠳᠠ ᠳᠦᠷᠰᠦᠯᠡᠯ ᠵᠢᠷᠤᠭᠯᠠᠯ ᠢ᠋ᠶ᠋ᠠᠷ ᠳᠠᠮᠵᠢᠭᠤᠯᠵᠤ ᠤᠳᠬ᠎ᠠ ᠰᠠᠨᠠᠭ᠎ᠠ ᠪᠠᠨ ᠭᠠᠷᠭᠠᠭᠰᠠᠨ ᠪᠠᠢᠳᠠᠭ ᠰᠢᠦ ᠂ ᠭᠡᠲᠡᠯ᠎ᠡ ᠮᠠᠨ ᠤ᠋ ᠵᠠᠷᠢᠮ ᠵᠣᠬᠢᠶᠠᠭᠴᠢ ᠬᠠᠷᠢᠨ ᠡᠪᠡᠳᠴᠢᠨ ᠦᠭᠡᠢ ᠪᠠᠢᠲᠠᠯ᠎ᠠ ᠪᠠᠨ ᠶᠣᠢᠯᠠᠵᠤ ᠮᠠᠶᠢᠭᠯᠠᠳᠠᠭ ᠂ ᠡᠮᠢᠶᠡᠵᠦ ᠰᠣᠴᠢᠭᠰᠠᠨ ᠦᠭᠡᠢ ᠪᠠᠢᠲᠠᠯ᠎ᠠ ᠪᠠᠨ ᠣᠷᠢᠯᠠᠵᠤ ᠬᠠᠰᠬᠢᠷᠳᠠᠭ ᠂ ᠪᠢᠷ ᠠᠪᠤᠮᠠᠭᠴᠠᠪᠠᠨ ᠄ 《 ᠠ! ᠮᠢᠨᠦ ᠰᠡᠳᠬᠢᠯ ᠥᠪᠡᠷ ᠤᠨ ᠡᠷᠬᠡ ᠦᠭᠡᠢ ᠬᠥᠳᠡᠯᠵᠦ᠂ ᠮᠢᠨᠦ ᠵᠢᠷᠦᠬᠡ ᠤᠴᠢᠷ ᠵᠦᠭ ᠦᠭᠡᠢ ᠴᠣᠬᠢᠯᠵᠤ ᠪᠠᠢᠨ᠎ᠠ ᠂ ᠪᠣᠯᠳᠠᠭ ᠰᠠᠨ ᠪᠣᠯ ᠲᠡᠪᠡᠷᠢᠵᠦ ᠠᠪᠤᠭᠠᠳ ᠦᠨᠦᠰᠬᠦ ᠶᠤᠮᠰᠠᠨ ᠂ ᠬᠦᠵᠦᠭᠦᠳᠡᠵᠦ ᠠᠪᠤᠭᠠᠳ ᠲᠠᠭᠠᠯᠠᠬᠤ ᠶᠤᠮᠰᠠᠨ ᠂ ᠪᠣᠷᠣ ᠵᠢᠷᠦᠬᠡᠨ ᠦ᠌ ᠪᠡᠨ ᠪᠤᠴᠠᠯᠤᠮ᠎ᠠ ᠬᠠᠢᠷ᠎ᠠ ᠪᠠᠨ ᠴᠢᠮ᠎ᠠ ᠳ᠋ᠠᠭᠠᠨ ᠴᠢᠳᠬᠤᠶᠠ ᠂ ᠪᠣᠳᠣᠯ ᠰᠠᠨᠠᠭᠠᠨ ᠤ᠋ ᠪᠠᠨ ᠨᠢᠭᠤᠴᠠ ᠦᠭᠡ ᠶ᠋ᠢ ᠴᠢᠮ᠎ᠠ ᠳ᠋ᠠᠭᠠᠨ ᠰᠣᠨᠣᠰᠬᠠᠶ᠎ᠠ 》 ᠭᠡᠬᠦ ᠮᠡᠲᠦ ᠶ᠋ᠢᠨ ᠬᠡᠢ ᠬᠣᠭᠣᠰᠣᠨ ᠂ ᠱᠠᠯ ᠳᠡᠮᠡᠢ ᠂ ᠦᠬᠦᠰᠢᠷᠡᠮᠡᠯ ᠬᠠᠭᠤᠴᠢᠨ ᠦᠭᠡ ᠥᠭᠦᠯᠡᠪᠦᠷᠢ ᠪᠣᠯ ᠬᠡᠷᠡᠭ ᠳᠡᠭᠡᠷ᠎ᠡ ᠪᠡᠨ ᠤᠷᠠᠨ ᠵᠣᠬᠢᠶᠠᠯ ᠪᠢᠰᠢ ᠡᠢᠮᠦᠷᠬᠦ ᠤᠬᠠᠭᠳᠠᠬᠤᠨᠴᠢᠯᠠᠭᠰᠠᠨ ᠂ ᠬᠡᠢᠰᠪᠦᠷᠢᠯᠡᠭᠰᠡᠨ ᠲᠠᠭᠤᠷᠢᠶᠠᠭᠰᠠᠨ ᠂ ᠬᠠᠰᠬᠢᠷᠤᠭᠰᠠᠨ ᠮᠠᠶ᠋ᠢᠭ ᠤ᠋ᠨ ᠦᠭᠡ ᠥᠭᠦᠯᠡᠪᠦᠷᠢ ᠪᠠ ᠵᠣᠬᠢᠶᠠᠯ ᠪᠦᠲᠦᠭᠡᠯ ᠳ᠋ᠦ᠍ ᠰᠠᠨᠠᠭ᠎ᠠ ᠠᠬᠤᠢ ᠢᠯᠡᠷᠡᠵᠦ ᠴᠢᠳᠠᠬᠤ ᠦᠭᠡᠢ ᠨᠢ ᠮᠡᠳᠡᠭᠡᠵᠢ ᠬᠡᠷᠡᠭ ᠃ ᠲᠡᠢᠮᠦ ᠡᠴᠡ ᠪᠢᠳᠡ ᠪᠢᠷ ᠢ᠋ᠶ᠋ᠡᠨ ᠠᠳᠬᠤᠮᠠᠭᠴᠠ ᠵᠠᠪᠠᠯ ᠳᠦᠷᠰᠦᠯᠡᠯ ᠵᠢᠷᠤᠭᠯᠠᠯ ᠢ᠋ᠶ᠋ᠠᠷ ᠠᠮᠢᠰᠬᠤᠬᠤ ᠬᠡᠷᠡᠭᠲᠡᠢ ᠂ ᠳᠦᠷᠰᠦᠯᠡᠯ ᠵᠢᠷᠤᠭᠯᠠᠯ ᠪᠢᠷ ᠤᠨ ᠦᠵᠦᠭᠦᠷ ᠲᠦ᠍ ᠣᠷᠣᠵᠤ ᠢᠷᠡᠬᠦ ᠦᠭᠡᠢ ᠂ ᠲᠠᠩᠳᠠ ᠤᠬᠠᠭᠳᠠᠬᠤᠨ ᠂ ᠬᠤᠷᠢᠶᠠᠩᠭᠤᠢᠯᠠᠯ ᠂ ᠤᠷᠢᠶ᠎ᠠ ᠯᠣᠽᠦ᠋ᠩ ᠣᠷᠣᠴᠤ ᠢᠷᠡᠬᠦ ᠮᠠᠶ᠋ᠢᠭ ᠲᠠᠢ ᠪᠣᠯ ᠪᠢᠷ ᠢ᠋ᠶ᠋ᠡᠨ ᠡᠷᠲᠡᠬᠡᠨ ᠬᠤᠷᠢᠶᠠᠵᠤ ᠪᠢᠯᠢᠭ ᠢ᠋ᠶ᠋ᠡᠨ ᠰᠠᠢᠲᠤᠷ ᠲᠡᠵᠢᠭᠡᠬᠦ ᠶ᠋ᠢ ᠬᠢᠴᠢᠶᠡᠪᠡᠯ ᠲᠠᠭᠠᠷᠠᠴᠢᠬᠠᠨᠠ ᠃
ᠲᠤᠰ ᠵᠠᠳᠠᠭᠠᠢ ᠰᠢᠯᠦᠭ ᠤᠨ ᠲᠡᠭᠦᠪᠦᠷᠢ ᠶ᠋ᠢ ᠤᠩᠰᠢᠭᠠᠳ ᠰᠠᠶ᠋ᠢ ᠶ᠋ᠢᠨ ᠶᠠᠷᠢᠭᠰᠠᠨ ᠤᠷᠢᠶ᠎ᠠ ᠯᠣᠽᠦ᠋ᠩ ᠮᠠᠶ᠋ᠢᠭ ᠤ᠋ᠨ ᠂ ᠤᠬᠠᠭᠳᠠᠭᠳᠴᠢᠯᠠᠭᠰᠠᠨ ᠬᠤᠷᠢᠶᠠᠩᠭᠤᠢᠯᠠᠭᠰᠠᠨ ᠂ ᠬᠡᠢ ᠬᠣᠭᠣᠰᠣᠨ ᠦᠭᠡ ᠥᠭᠦᠯᠡᠪᠦᠷᠢ ᠂ ᠪᠦᠯᠦᠭ ᠪᠠᠳᠠᠭ ᠂ ᠲᠡᠷᠡᠴᠢᠯᠡᠨ ᠵᠣᠬᠢᠶᠠᠯ ᠪᠦᠲᠦᠭᠡᠯ ᠪᠠᠬᠠᠨ ᠲᠠᠭᠠᠷᠠᠯᠳᠤᠭᠰᠠᠨ ᠪᠣᠯᠬᠣᠷ ᠲᠡᠭᠦᠨ ᠢ᠋ ᠡᠰᠢ ᠲᠠᠲᠠᠵᠤ ᠡᠷᠦᠢ ᠬᠤᠷᠤᠢ ᠦᠭᠡᠢ ᠰᠢᠳᠠᠮᠳᠠᠬᠤ ᠠ᠋ᠴᠠ ᠵᠠᠢᠯᠠᠰᠬᠢᠨ ᠤᠴᠢᠷ ᠶᠣᠰᠣ ᠶ᠋ᠢ ᠨᠢ ᠵᠥᠪ ᠲᠠᠯ᠎ᠠ ᠠ᠋ᠴᠠ ᠶᠠᠷᠢᠬᠤ ᠶ᠋ᠢ ᠬᠢᠴᠢᠶᠡᠵᠦ ᠡᠨᠡᠬᠦ ᠪᠠᠳᠠᠭ ᠢ᠋ ᠡᠷᠢᠶᠡᠴᠢᠯᠡ ᠃
8
ᠵᠠᠳᠠᠭᠠᠢ ᠰᠢᠯᠦᠭ ᠤᠨ ᠲᠤᠰ ᠪᠡᠶ᠎ᠡ ᠶ᠋ᠢᠨ ᠣᠨᠴᠠᠯᠢᠭ ᠰᠢᠨᠵᠢ ᠡᠴᠡ ᠪᠣᠯᠵᠤ ᠳᠦᠷᠰᠦᠯᠡᠨ ᠪᠣᠳᠣᠬᠤ ᠂ ᠬᠣᠯᠪᠣᠨ ᠪᠣᠳᠣᠬᠤ ᠂ ᠠᠳᠠᠯᠢᠳᠬᠠᠯ ᠵᠦᠢᠷᠯᠡᠯ ᠂ ᠦᠯᠢᠳᠬᠡᠯ ᠂ ᠳᠠᠪᠠᠭᠤᠯᠤᠯ ᠂ ᠠᠮᠢᠳᠤᠴᠢᠯᠠᠯ ᠮᠡᠲᠦ ᠶ᠋ᠢᠨ ᠨᠠᠢᠷᠠᠭᠤᠯᠭ᠎ᠠ ᠶ᠋ᠢᠨ ᠠᠷᠭ᠎ᠠ ᠶ᠋ᠢ ᠣᠯᠠᠨᠲᠠ ᠬᠡᠷᠡᠭᠯᠡᠳᠡᠭ ᠥᠭᠡᠷ᠎ᠡ ᠪᠠᠷ ᠬᠡᠯᠡᠪᠡᠯ ᠂ ᠵᠠᠳᠠᠭᠠᠢ ᠰᠢᠯᠦᠭ ᠢ᠋ ᠪᠢᠴᠢᠬᠦ ᠳ᠋ᠦ᠍ ᠳᠡᠭᠡᠷ᠎ᠡ ᠳᠤᠷᠠᠳᠤᠭᠰᠠᠨ ᠠᠷᠭ᠎ᠠ ᠶ᠋ᠢ ᠴᠢᠳᠠᠮᠠᠭᠠᠢ ᠬᠡᠷᠡᠭᠯᠡᠬᠦ ᠬᠡᠷᠡᠭᠲᠡᠢ ᠂ ᠦᠭᠡᠢ ᠪᠣᠯ ᠥᠩᠭᠡ ᠨᠢ ᠪᠠᠭᠤᠷᠠᠵᠦ ᠦᠨᠦᠷ ᠨᠢ ᠰᠠᠷᠨᠢᠨ᠂ ᠠᠮᠲᠠ ᠨᠢ ᠰᠤᠯᠠᠷᠠᠵᠤ ᠰᠢᠮ᠎ᠡ ᠨᠢ ᠮᠠᠭᠤᠲᠠᠬᠤ ᠪᠤᠯᠤᠨ᠎ᠠ᠃
ᠡᠨᠳᠡ ᠂ ᠭᠠᠭᠴᠠᠬᠦ ᠳᠦᠷᠰᠦᠯᠡᠨ ᠪᠣᠳᠣᠬᠤ ᠂ ᠬᠣᠯᠪᠣᠨ ᠪᠣᠳᠣᠬᠤ ᠲᠤᠬᠠᠢ ᠳᠥᠭᠥᠮ ᠶᠠᠷᠢᠶ᠎ᠠ᠃ ᠳᠦᠷᠰᠦᠯᠡᠨ ᠪᠣᠳᠣᠬᠤ ᠪᠠ ᠬᠣᠯᠪᠣᠨ ᠪᠣᠳᠣᠬᠤ ᠪᠣᠯ ᠵᠠᠳᠠᠭᠠᠢ ᠰᠢᠯᠦᠭ ᠤᠨ ᠠᠮᠢ ᠨᠠᠰᠤ ᠲᠠᠢ ᠰᠢᠭᠤᠳ ᠬᠣᠯᠪᠣᠭᠳᠠᠨ᠎ᠠ ᠂ ᠳᠦᠷᠰᠦᠯᠡᠨ ᠪᠣᠳᠣᠬᠤ ᠦᠭᠡᠢ ᠂ ᠬᠣᠯᠪᠣᠨ ᠪᠣᠳᠣᠬᠤ ᠦᠭᠡᠢ ᠪᠣᠯ ᠵᠠᠳᠠᠭᠠᠢ ᠰᠢᠯᠦᠭ ᠨᠢ ᠳᠡᠩᠳᠡᠭᠦᠦ 《ᠵᠠᠳᠠᠭᠠᠢ》᠂ ᠳᠡᠩᠳᠡᠭᠦᠦ ᠣᠯᠳᠣᠢ ᠪᠣᠯᠵᠤ ᠮᠡᠳᠡᠨ᠎ᠡ ᠃ ᠳᠦᠷᠰᠦᠯᠡᠨ ᠪᠣᠳᠣᠬᠤ ᠂ ᠬᠣᠯᠪᠣᠨ ᠪᠣᠳᠣᠬᠤ ᠳ᠋ᠤ᠌ ᠲᠦᠰᠢᠭᠯᠡᠨ ᠪᠠᠢᠵᠤ ᠵᠠᠳᠠᠭᠠᠢ ᠰᠢᠯᠦᠭ ᠰᠠᠶ᠋ᠢ ᠨᠡᠩ ᠤᠷᠠᠨ ᠂ ᠨᠡᠩ ᠳᠦᠷᠰᠦᠯᠢᠭ ᠂ ᠨᠡᠩ ᠭᠦᠨᠵᠡᠭᠡᠢ ᠂ ᠨᠡᠩ ᠵᠠᠵᠢᠯᠠᠭᠤᠰᠢᠲᠠᠢ ᠪᠠᠢᠵᠤ ᠴᠢᠳᠠᠨ᠎ᠠ ᠃ ᠳᠦᠷᠰᠦᠯᠡᠨ ᠪᠣᠳᠣᠬᠤ ᠂ ᠬᠣᠯᠪᠣᠨ ᠪᠣᠳᠣᠬᠤ ᠪᠣᠯ ᠵᠠᠳᠠᠭᠠᠢ ᠰᠢᠯᠦᠭ ᠢ᠋ ᠨᠢᠳᠦᠲᠡᠢ ᠰᠤᠳᠠᠰᠤ ᠲᠠᠢ ᠪᠢᠴᠢᠵᠦ ᠂ ᠠᠮᠢ ᠲᠠᠢ ᠠᠮᠢᠰᠬᠤᠯ ᠲᠠᠢ ᠪᠢᠴᠢᠬᠦ ᠶ᠋ᠢᠨ ᠴᠢᠬᠤᠯᠠ ᠵᠠᠩᠭᠢᠯᠠᠭ᠎ᠠ ᠪᠣᠯᠤᠨ᠎ᠠ ᠃ ᠲᠡᠭᠦᠰᠪᠠᠶᠠᠷ ᠶ᠋ᠢᠨ 《 ᠨᠠᠪᠴᠢ - ᠲᠤᠭ》 ᠭᠡᠰᠡᠨ ᠵᠠᠳᠠᠭᠠᠢ ᠰᠢᠯᠦᠭ ᠲᠦ᠍ ᠨᠠᠪᠴᠢ ᠶ᠋ᠢ 《 ᠪᠢᠴᠢᠬᠠᠨ ᠲᠤᠭ᠂ ᠪᠠᠢᠭᠠᠯᠢ ᠶ᠋ᠢᠨ ᠲᠤᠭ᠂ ᠬᠠᠪᠤᠷ ᠤ᠋ᠨ ᠲᠤᠭ ᠂ ᠣᠢ ᠶ᠋ᠢᠨ ᠲᠤᠭ᠂ ᠨᠠᠷᠠᠨ ᠲᠤᠭ ᠂ ᠨᠠᠢᠷᠠᠭ ᠤ᠋ᠨ ᠲᠤᠭ ᠳᠡᠯᠡᠬᠡᠢ ᠶ᠋ᠢᠨ ᠲᠤᠭ 》ᠭᠡᠵᠦ ᠳᠦᠷᠰᠦᠯᠡᠨ ᠪᠣᠳᠣᠭᠰᠠᠨ ᠨᠢ ᠮᠠᠰᠢ ᠤᠷᠠᠨ ᠭᠣᠢᠳᠠ ᠂ ᠮᠠᠰᠢ ᠬᠠᠪᠤᠯᠢᠭ ᠰᠠᠢᠬᠠᠨ ᠮᠠᠰᠢ ᠰᠢᠨ᠎ᠡ ᠰᠣᠷᠭᠣᠭ ᠂ ᠮᠠᠰᠢ ᠤᠳᠬ᠎ᠠ ᠤᠴᠢᠷ ᠲᠠᠢ ᠪᠣᠯᠵᠠᠢ᠃ ᠲᠡᠭᠦᠨ ᠦ《ᠰᠣᠯᠣᠩᠭ᠎ᠠ ᠲᠠᠯ᠎ᠠ 》ᠭᠡᠰᠡᠨ ᠵᠣᠬᠢᠶᠠᠯ ᠳ᠋ᠤ᠌ ᠰᠣᠯᠣᠩᠭ᠎ᠠ ᠶ᠋ᠢ ᠬᠥᠭᠥᠷᠭᠡ ᠭᠡᠵᠦ ᠵᠦᠢᠷᠯᠡᠨ 《ᠮᠢᠨᠦ ᠨᠤᠲᠤᠭ ᠤ᠋ᠨ ᠰᠣᠯᠣᠩᠭ᠎ᠠ ᠠ᠋ ᠂ ᠴᠢ ᠬᠥᠭᠥᠷᠭᠡ ᠪᠢᠰᠢ ᠬᠠᠷᠢᠨ ᠮᠣᠷᠢᠨ ᠳᠡᠭᠡᠷ᠎ᠡ ᠥᠨᠳᠡᠢᠭᠰᠡᠨ ᠬᠦᠦ ᠶ᠋ᠢᠨ ᠮᠥᠷᠦᠨ ᠳᠡᠭᠡᠷ᠎ᠡ ᠪᠡᠨ ᠡᠭᠦᠷᠦᠭᠰᠡᠨ ᠨᠤᠮᠤ 》 ᠭᠡᠰᠡᠨ ᠳᠦᠷᠰᠦᠯᠡᠯ ᠨᠢ ᠦᠨᠡᠬᠡᠷ ᠶᠡᠷᠦ ᠪᠤᠰᠤ ᠶ᠋ᠢᠨ ᠳᠦᠷᠰᠦᠯᠡᠨ ᠪᠣᠳᠣᠯᠲᠠ ᠮᠥᠨ ᠡᠭᠦᠨ ᠳ᠋ᠦ᠍ ᠬᠥᠳᠡᠭᠡ ᠲᠠᠯ᠎ᠠ ᠶ᠋ᠢᠨ ᠥᠩᠭᠡ ᠦᠵᠡᠮᠵᠢ ᠂ ᠮᠠᠯᠴᠢᠳ ᠤ᠋ᠨ ᠦᠷᠡᠰ ᠤᠨ ᠰᠦᠷ ᠵᠢᠪᠬᠤᠭᠠᠲᠠᠢ ᠵᠢᠷᠤᠭ ᠢ᠋ ᠳᠡᠯᠭᠡᠵᠦ ᠦᠭᠭᠦᠭᠰᠡᠨ ᠢ᠋ᠶ᠋ᠡᠷ ᠥᠯᠦ ᠪᠠᠷᠠᠮ ᠦᠨᠳᠦᠰᠦᠲᠡᠨ ᠦ᠌ ᠣᠨᠴᠠᠯᠢᠭ ᠰᠢᠨᠵᠢ ᠂ ᠣᠮᠣᠭ ᠰᠦᠷ ᠢ᠋ ᠷᠣᠮᠠᠨᠲ᠋ᠢᠭ ᠭᠠᠷᠭᠠᠪᠠ ᠃
ᠳᠡᠭᠡᠷ᠎ᠡ ᠳᠤᠷᠠᠳᠤᠭᠰᠠᠨ ᠪ᠂ ᠪᠦᠷᠢᠨᠪᠡᠬᠢ ᠶ᠋ᠢᠨ 《ᠬᠠᠪᠤᠷ ᠡᠷᠲᠡ 》ᠭᠡᠰᠡᠨ ᠵᠠᠳᠠᠭᠠᠢ ᠰᠢᠯᠦᠭ ᠲᠦ᠍ ᠬᠣᠯᠪᠣᠨ ᠪᠣᠳᠣᠯᠲᠠ ᠶ᠋ᠢ ᠮᠠᠰᠢ ᠤᠷᠠᠨ ᠬᠡᠷᠡᠭᠯᠡᠵᠡᠢ ᠄ ᠮᠣᠷᠢ ᠤᠨᠤᠭᠠᠳ ᠬᠡᠰᠡᠭ ᠡᠰᠢ ᠪᠡᠨ ᠂ ᠬᠡᠰᠡᠭ ᠳᠠᠰᠢ ᠪᠠᠨ ᠂ ᠬᠡᠰᠡᠭ ᠪᠥᠭᠡᠮᠨᠡᠷᠡᠵᠦ ᠂ ᠬᠡᠰᠡᠭ ᠲᠠᠷᠬᠠᠵᠤ ᠪᠡᠶᠡᠰᠦᠨ ᠳᠠᠪᠬᠢᠯᠳᠤᠭᠴᠢ ᠬᠣᠨᠢᠴᠢᠨ ᠬᠡᠦᠬᠡᠨᠴᠦᠳ ᠢ᠋ ᠭᠡᠨᠡᠳᠲᠡ ᠳᠡᠭᠡᠭᠰᠢ ᠂ ᠭᠡᠨᠡᠳᠲᠡ ᠳᠣᠭᠣᠭᠰᠢ ᠂ ᠭᠡᠨᠡᠳᠲᠡ ᠵᠥᠷᠢᠯᠳᠦᠨ ᠭᠡᠨᠡᠳᠲᠡ ᠵᠡᠷᠭᠡᠴᠡᠵᠦ ᠪᠡᠶᠡᠰᠦᠨ ᠨᠢᠰᠦᠯᠬᠢᠯᠡᠵᠦ ᠪᠠᠢᠭ᠎ᠠ ᠤᠷᠠᠨ ᠬᠠᠷᠢᠶᠠᠴᠠᠢ ᠲᠠᠢ ᠬᠣᠯᠪᠣᠨ ᠪᠣᠳᠣᠵᠤ ᠂ 《ᠨᠢᠰᠦᠨ ᠳᠠᠪᠬᠢᠭᠴᠢ ᠡᠳᠡᠭᠡᠷ ᠬᠣᠨᠢᠴᠢᠨ ᠬᠡᠦᠬᠡᠨ ᠨᠦ᠍ᠭᠦᠳ ᠨᠢ ᠨᠢᠭᠡᠳᠦᠯ ᠤ᠋ᠨ ᠬᠠᠪᠤᠷ ᠤ᠋ᠨ ᠬᠠᠷᠢᠶᠠᠴᠠᠢ 》ᠭᠡᠵᠦ ᠵᠦᠢᠷᠯᠡᠪᠡ ᠵᠠᠯᠭᠠᠭᠠᠳ ᠰᠢᠯᠦᠭᠴᠢᠨ ᠪᠠᠰᠠ ᠠᠢᠯ ᠤ᠋ᠨ ᠵᠠᠬ᠎ᠠ ᠂ ᠬᠦᠷᠢᠶᠡᠨ ᠦ᠌ ᠴᠠᠭᠠᠨ᠎ᠠ
᠂ ᠭᠡᠷ ᠤᠨ ᠭᠠᠳᠠᠨ᠎ᠠ ᠬᠦᠪᠪᠦᠨ ᠠᠩᠬᠢᠯᠬᠤ ᠴᠠᠭᠠᠨ ᠢᠳᠡᠭᠡᠨ ᠦ᠌ ᠦᠨᠦᠷ ᠢ᠋ 《ᠬᠥᠳᠡᠭᠡ ᠶ᠋ᠢᠨ ᠬᠠᠪᠤᠷ ᠤ᠋ᠨ ᠠᠭᠤᠷ》 ᠯᠤᠭ᠎ᠠ ᠤᠷᠠᠨ ᠢ᠋ᠶ᠋ᠠᠷ ᠢᠯᠡᠳᠬᠡᠪᠡ ᠃ ᠵᠠᠯᠭᠠᠭᠠᠳ ᠪᠠᠰᠠ ᠴᠡᠴᠡᠷᠯᠢᠭ ᠦᠨ ᠬᠡᠦᠬᠡᠳ ᠢ᠋ ᠪᠠᠭᠯᠠᠷᠠᠨ ᠰᠠᠭᠤᠭᠴᠢ ᠴᠡᠴᠡᠭ ᠤᠨ ᠴᠣᠮᠣᠷᠯᠢᠭ ᠲᠠᠢ
ᠬᠣᠯᠪᠣᠨ ᠪᠣᠳᠣᠭᠰᠠᠨ ᠵᠡᠷᠭᠡ ᠨᠢ ᠴᠥᠮ ᠵᠣᠬᠢᠶᠠᠯ ᠤ᠋ᠨ ᠰᠢᠯᠦᠭᠯᠡᠯ ᠰᠠᠨᠠᠭ᠎ᠠ ᠂ ᠰᠢᠮᠡᠳᠦ ᠣᠷᠴᠢᠨ ᠂ ᠰᠠᠢᠨ ᠳᠦᠷᠢ ᠂ ᠰᠡᠩᠭᠢᠨᠡᠮ᠎ᠡ ᠦᠨᠦᠷ ᠲᠦ᠍ ᠬᠦᠴᠦ ᠨᠡᠮᠡᠭᠰᠡᠨ
ᠶᠣᠮ ᠃
9
ᠮᠣᠩᠭᠣᠯ ᠵᠠᠳᠠᠭᠠᠢ ᠰᠢᠯᠦᠭ ᠦᠨ ᠬᠡᠯᠡ ᠬᠡᠯᠡᠭᠡ ᠴᠣᠬᠣᠮ ᠶᠠᠮᠠᠷ ᠪᠠᠢᠪᠠᠯ ᠰᠠᠢᠨ ᠪᠣᠯᠳᠠᠭ ᠪᠣᠯ? ᠭᠡᠪᠡᠯ ᠂ ᠮᠢᠨᠦ ᠪᠣᠳᠣᠬᠤ ᠪᠠᠷ ᠬᠣᠣᠰᠯᠠᠯ᠂ ᠵᠡᠷᠭᠡᠴᠡᠭᠦᠯᠦᠯ ᠂ ᠤᠭᠰᠠᠷᠠᠭᠤᠯᠤᠯ ᠢ᠋ ᠦᠯᠡᠮᠵᠢᠬᠡᠨ ᠬᠡᠷᠡᠭᠯᠡᠬᠦ ᠨᠢ ᠮᠣᠩᠭᠣᠯ ᠬᠡᠯᠡᠨ ᠲᠣᠯᠣᠭᠠᠢ ᠬᠣᠯᠪᠣᠵᠤ ᠴᠣᠬᠢᠯᠭ᠎ᠠ ᠲᠠᠭᠠᠷᠠᠭᠤᠯᠬᠤ ᠳᠦᠷᠢᠮ ᠳ᠋ᠦ᠍ ᠨᠡᠢᠴᠡᠬᠦ ᠪᠥᠭᠡᠳ ᠵᠣᠬᠢᠶᠠᠯ ᠤ᠋ᠨ ᠠᠭᠤᠷ ᠠᠮᠢᠰᠬᠤᠯ ᠢ᠋ ᠥᠳᠬᠡᠷᠡᠭᠦᠯᠵᠦ ᠂ ᠵᠣᠬᠢᠶᠠᠯ ᠤ᠋ᠨ ᠤᠳᠬ᠎ᠠ ᠰᠠᠨᠠᠭ᠎ᠠ ᠶ᠋ᠢ
ᠴᠢᠩᠭᠠᠳᠬᠠᠨ ᠳᠡᠭᠡᠭᠰᠢᠯᠡᠭᠦᠯᠬᠦ ᠳ᠋ᠦ᠍ ᠴᠥᠮ ᠠᠰᠢᠭᠲᠠᠢ ᠪᠠᠶᠢᠳᠠᠭ᠃ ᠬᠣᠣᠰᠯᠠᠯ᠂ ᠵᠡᠷᠭᠡᠴᠡᠭᠦᠯᠦᠯ ᠂ ᠤᠭᠰᠠᠷᠠᠭᠤᠯᠤᠯ ᠨᠢ ᠴᠥᠮ ᠦᠭᠡ ᠶ᠋ᠢᠨ ᠲᠣᠭ᠎ᠠ ᠲᠡᠩᠴᠡᠭᠦᠦ ᠪᠦᠲᠦᠴᠡ ᠨᠠᠢᠷᠠᠭᠤᠯᠭ᠎ᠠ ᠠᠳᠠᠯᠢ ᠂ ᠤᠳᠬ᠎ᠠ ᠰᠠᠨᠠᠭ᠎ᠠ ᠣᠢᠷᠠᠯᠴᠠᠭ᠎ᠠ ᠬᠣᠯᠪᠣᠭ᠎ᠠ ᠦᠭᠡᠰ ᠪᠤᠶᠤ ᠬᠣᠣᠰ ᠬᠣᠣᠰ ᠥᠭᠦᠯᠡᠪᠦᠷᠢ ᠶ᠋ᠢ ᠠᠮᠠ ᠰᠡᠭᠡᠷ ᠢ᠋
ᠨᠢ ᠵᠣᠯᠭᠠᠭᠤᠯᠤᠨ ᠤᠭᠰᠠᠷᠠᠵᠤ ᠲᠠᠯᠪᠢᠬᠤ ᠶ᠋ᠢ ᠬᠡᠯᠡᠨ᠎ᠡ ᠡᠨᠡ ᠨᠢ ᠬᠣᠣᠰ ᠬᠣᠣᠰ ᠢ᠋ᠶ᠋ᠠᠷ ᠲᠠᠷᠪᠢᠨ ᠨᠢᠰᠬᠦ ᠬᠠᠢᠷᠠᠭᠤᠴᠠᠢ ᠰᠢᠬ ᠨᠢᠭᠡᠨ ᠨᠢᠭᠡᠨ ᠳ᠋ᠡᠭᠡᠨ ᠥᠮᠥᠭ ᠲᠦᠰᠢᠭ ᠪᠣᠯᠵᠤ ᠂ ᠬᠠᠷᠢᠯᠴᠠᠨ ᠭᠡᠷᠡᠯᠲᠦᠭᠦ ᠤᠨ ᠬᠠᠷᠢᠯᠴᠠᠨ ᠳᠣᠪᠣᠢᠯᠭᠠᠵᠤ ᠂ ᠨᠡᠶᠢᠯᠠᠨ ᠪᠠᠶᠢᠵᠦ ᠨᠢᠭᠡᠨ ᠭᠤᠸ᠋᠎ᠠ ᠰᠠᠢᠬᠠᠨ ᠦ ᠶᠢᠷᠲᠢᠨᠴᠦ ᠶ᠋ᠢ ᠪᠦᠲᠦᠭᠡᠳᠡᠭ ᠪᠢᠯᠡ ᠃
ᠬᠣᠣᠰᠯᠠᠯ ᠂ ᠵᠡᠷᠭᠡᠴᠡᠭᠦᠯᠦᠯ ᠂ ᠤᠭᠰᠠᠷᠠᠭᠤᠯᠤᠯ ᠢ᠋ ᠭᠠᠭᠴᠠᠬᠠᠨ ᠮᠣᠩᠭᠣᠯ ᠬᠡᠯᠡᠨ ᠳ᠋ᠦ᠍ ᠯᠡ ᠭᠡᠰᠡᠨ ᠪᠢᠰᠢ ᠂ ᠠᠯᠢ ᠬᠡᠯᠡᠨ ᠳ᠋ᠦ᠍ ᠭᠡᠳ ᠴᠥᠮ
ᠥᠷᠭᠡᠨ ᠬᠡᠷᠡᠭᠯᠡᠵᠦ ᠨᠡᠶᠢᠳᠡᠮ ᠠᠰᠢᠭᠯᠠᠳᠠᠭ ᠨᠠᠢᠷᠠᠭᠤᠯᠭ᠎ᠠ ᠶ᠋ᠢᠨ ᠠᠷᠭ᠎ᠠ ᠮᠥᠨ ᠃ ᠲᠡᠷᠡ ᠨᠢ ᠠᠯᠢ ᠴᠦ᠍ ᠬᠡᠯᠡᠨ ᠳ᠋ᠦ᠍ ᠠᠪᠴᠤ ᠬᠡᠯᠡᠭᠰᠡᠨ ᠴᠦ᠍
ᠴᠥᠮ ᠵᠢᠭᠰᠢᠭᠳᠡᠨ ᠬᠠᠶᠠᠭᠳᠠᠵᠤ ᠪᠠᠶᠢᠭ᠎ᠠ ᠬᠡᠷᠡᠭ ᠦᠭᠡᠢ ᠵᠦᠢᠯ ᠂ ᠥᠩᠭᠡ ᠦᠭᠡᠢ ᠡᠳ᠋ ᠪᠣᠯᠴᠢᠬᠰᠠᠨ ᠪᠢᠰᠢ ᠂ ᠬᠠᠷᠢᠨ ᠤᠯᠠᠮ ᠨᠠᠷᠢᠰᠴᠤ ᠤᠯᠠᠮ ᠲᠤᠶᠠᠭᠠᠷᠠᠵᠤ ᠪᠠᠢᠭ᠎ᠠ ᠵᠦᠢᠯ ᠮᠢᠢᠨ ᠃ ᠬᠢᠲᠠᠳ ᠦᠨᠳᠦᠰᠦᠲᠡᠨ ᠦ ᠤᠷᠠᠨ ᠵᠣᠬᠢᠶᠠᠯ ᠤ᠋ᠨ ᠲᠡᠦᠬᠡᠨ ᠳᠡᠭᠡᠷ᠎ᠡ
ᠨᠢᠭᠡᠨ ᠦᠶ᠎ᠡ ᠪᠠᠷ ᠬᠣᠯᠪᠣᠴᠠᠲᠤ ᠵᠣᠬᠢᠶᠠᠯ ( ᠳᠥᠭᠥᠮ ᠢ᠋ᠶ᠋ᠡᠷ ᠬᠡᠯᠡᠪᠡᠯ ᠬᠣᠣᠰᠯᠠᠯ ᠵᠡᠷᠭᠡᠴᠡᠭᠦᠯ ᠤᠭᠰᠠᠷᠠᠭᠤᠯᠤᠯ ᠲᠠᠢ ᠲᠥᠰᠲᠡᠢ ᠠᠷᠭ᠎ᠠ ᠶ᠋ᠢ ᠬᠡᠷᠡᠭᠯᠡᠨ ᠪᠦᠲᠦᠭᠡᠳᠡᠭ ᠵᠣᠬᠢᠶᠠᠯ ᠤ᠋ᠨ ᠲᠥᠷᠥᠯ) ᠨᠢ
ᠮᠠᠰᠢ ᠬᠥᠭᠵᠢᠯᠲᠡᠢ ᠪᠠᠶᠢᠪᠠ ᠂ ᠮᠠᠨ ᠤ᠋ ᠤᠯᠤᠰ ᠤ᠋ᠨ ᠴᠥᠭᠡᠨ ᠲᠣᠭᠠᠲᠤ ᠦᠨᠳᠦᠰᠦᠲᠡᠨ ᠠᠷᠠᠳ ᠤ᠋ᠨ ᠠᠮᠠᠨ ᠵᠣᠬᠢᠶᠠᠯ ᠭᠡᠰᠡᠨ ᠦᠭᠡᠢ ᠂ ᠠᠮᠠᠨ ᠶᠠᠷᠢᠶᠠᠨ ᠤ᠋ ᠬᠢᠨᠢ ᠣᠨᠴᠠᠯᠢᠭ ᠠ᠋ᠴᠠ ᠨᠢ ᠦᠵᠡᠭᠰᠡᠨ ᠴᠦ᠍ ᠭᠡᠰᠡᠨ ᠵᠦᠢᠷᠯᠡᠯ ᠠᠳᠠᠯᠢᠳᠬᠠᠯ ᠴᠢᠮᠡᠭᠯᠡᠯ
ᠵᠢᠴᠢ ᠬᠣᠣᠰᠯᠠᠯ ᠵᠡᠷᠭᠡᠴᠡᠭᠦᠯᠦᠯ ᠤᠭᠰᠠᠷᠠᠭᠤᠯᠤᠯ ᠢ᠋ ᠣᠪᠣᠭ᠎ᠠ ᠠᠷᠪᠢᠨ ᠬᠡᠷᠡᠭᠯᠡᠳᠡᠭ ᠵᠤᠷᠰᠢᠯ ᠲᠠᠢ᠃ ᠪᠢᠳᠡ ᠂ ᠣᠷᠴᠢᠭᠤᠯᠤᠭᠳᠠᠨ
ᠢᠷᠡᠭᠰᠡᠨ ᠭᠠᠳᠠᠭᠠᠳᠤ ᠶ᠋ᠢᠨ ᠵᠣᠬᠢᠶᠠᠯ ᠢ᠋ ᠠᠪᠴᠤ ᠤᠩᠰᠢᠪᠠᠯ ᠠᠯᠲᠠᠨ ᠵᠢᠭᠦᠷ ᠤᠷᠭᠤᠭᠰᠠᠨ ᠂ ᠮᠥᠩᠭᠥᠨ ᠳᠠᠯᠠᠪᠴᠢ ᠪᠦᠷᠢᠳᠦᠭᠰᠡᠨ ᠬᠣᠣᠰᠯᠠᠯ
᠂ ᠵᠡᠷᠭᠡᠴᠡᠭᠦᠯᠦᠯ ᠤᠭᠰᠠᠷᠠᠭᠤᠯᠤᠯ ᠨᠤᠭᠤᠳ ᠢ᠋ ᠬᠠᠭᠤᠳᠠᠰᠤ ᠨᠢᠭᠤᠷ ᠠ᠋ᠴᠠ ᠨᠢ ᠂ ᠪᠦᠯᠦᠭ ᠪᠠᠳᠠᠭ ᠠ᠋ᠴᠠ ᠨᠢ ᠪᠢᠰᠢᠭᠦᠢ ᠣᠯᠵᠤ ᠦᠵᠡᠨ᠎ᠡ ᠃ ᠮᠣᠩᠭᠣᠯ ᠬᠡᠯᠡ ᠲᠤᠰ ᠪᠡᠶ᠎ᠡ
ᠨᠢ ᠬᠥᠭᠵᠢᠮᠯᠢᠭ ᠴᠢᠨᠠᠷᠲᠠᠢ ᠢᠷᠠᠭᠤ ᠬᠡᠯᠡ ᠪᠣᠯᠬᠤᠷ ᠲᠣᠯᠣᠭᠠᠢ ᠬᠣᠯᠪᠣᠬᠤ ᠂ ᠰᠡᠭᠦᠯ ᠳᠠᠷᠤᠬᠤ ᠂ ᠠᠶᠢᠵᠠᠮ ᠲᠠᠭᠠᠷᠠᠭᠤᠯᠬᠤ ᠂ ᠴᠤᠬᠢᠯᠭ᠎ᠠ ᠨᠡᠢᠯᠡᠭᠦᠯᠬᠦ ᠂ ᠭᠢᠰᠬᠢᠴᠡ ᠵᠣᠬᠢᠴᠠᠭᠤᠯᠬᠤ ᠂ ᠨᠤᠭᠤᠯᠭᠠ ᠤᠭᠰᠠᠷᠠᠭᠤᠯᠬᠤ ᠵᠡᠷᠭᠡ ᠶ᠋ᠢ ᠣᠨᠴᠠ ᠬᠢᠴᠢᠶᠡᠳᠡᠭ ᠡᠨᠡᠬᠦ ᠣᠨᠴᠠᠯᠢᠬ ᠨᠢ ᠵᠠᠳᠠᠭᠠᠢ ᠰᠢᠯᠦᠭ ᠲᠦ᠍
ᠠᠪᠴᠤ ᠬᠡᠯᠡᠪᠡᠯ ᠨᠡᠩ ᠳᠤᠲᠠᠭᠳᠠᠵᠤ ᠪᠣᠯᠣᠰᠢ ᠦᠭᠡᠢ ᠴᠢᠬᠤᠯᠠ ᠬᠡᠷᠡᠭᠴᠡᠭᠡ ᠲᠠᠢ ᠶᠤᠮ ᠂
ᠲᠡᠶᠢᠮᠦ ᠡᠴᠡ ᠂ ᠬᠣᠣᠰᠯᠠᠯ ᠵᠡᠷᠭᠡᠴᠡᠭᠦᠯᠦᠯ ᠂ ᠤᠭᠰᠠᠷᠠᠭᠤᠯᠤᠯ ᠢ᠋ ᠡᠪ ᠵᠣᠬᠢᠴᠠᠩᠭᠤᠢ ᠂ ᠪᠦᠲᠦᠭᠡᠯᠴᠢ ᠠᠮᠢᠳᠤᠯᠢᠭ ᠬᠡᠷᠡᠭᠯᠡᠪᠡᠯ ᠬᠥᠭᠵᠢᠮ ᠲᠠᠭᠠᠷᠠᠭᠤᠯᠵᠤ
ᠬᠥᠭ ᠨᠡᠢᠯᠡᠭᠦᠯᠵᠦ ᠪᠠᠢᠭ᠎ᠠ ᠰᠢᠭ᠋ ᠠᠮᠠᠨ ᠳ᠋ᠤ᠌ ᠤᠷᠤᠰᠤᠮ᠎ᠠ ᠂ ᠴᠢᠬᠢᠨ ᠳ᠋ᠦ᠍ ᠬᠠᠩᠭᠢᠨᠠᠮ᠎ᠠ
᠂ ᠴᠡᠭᠡᠵᠢᠨ ᠳ᠋ᠦ᠍ ᠬᠣᠨᠣᠭᠰᠢᠮᠠ ᠦᠷ᠎ᠡ ᠳ᠋ᠦᠩ ᠢ᠋ ᠣᠯᠵᠤ ᠴᠢᠳᠠᠨ᠎ᠠ ᠃ ᠳ᠋᠂ ᠨᠠᠴᠤᠭᠳᠣᠷᠵᠢ ᠶᠢᠨ《 ᠬᠠᠭᠤᠴᠢᠨ ᠬᠥᠥ》 《 ᠰᠢᠪᠠᠭᠤᠨ ᠰᠠᠷᠠᠯ 》 ᠭᠡᠰᠡᠨ ᠦᠭᠡᠢ ᠪ᠂ ᠪᠦᠷᠢᠨᠪᠡᠬᠢ ᠶ᠋ᠢᠨ 《ᠡᠪᠦᠯ ᠤᠨ ᠳᠣᠲᠣᠷ᠎ᠠ ᠬᠠᠪᠤᠷ 》᠂ 《ᠮᠥᠩᠭᠥᠨ ᠳᠡᠯᠡᠬᠡᠢ ᠶ᠋ᠢᠨ ᠡᠵᠡᠳ》 ᠭᠡᠰᠡᠨ ᠦᠭᠡᠢ ᠂ ᠲᠤᠰ ᠲᠡᠭᠦᠪᠦᠷᠢ ᠳ᠋ᠦ᠍ ᠣᠷᠣᠭᠰᠠᠨ ᠪᠤᠰᠤᠳ ᠠᠮᠵᠢᠯᠲᠠ ᠪᠦᠬᠦᠢ ᠵᠠᠳᠠᠭᠠᠢ ᠰᠢᠯᠦᠭ ᠭᠡᠰᠡᠨ ᠦᠭᠡᠢ ᠂ ᠴᠥᠮ ᠬᠣᠣᠰᠯᠠᠯ ᠂ ᠵᠡᠷᠭᠡᠴᠡᠭᠦᠯᠦᠯ ᠂ ᠤᠭᠰᠠᠷᠠᠭᠤᠯᠤᠯ ᠢ᠋ ᠣᠪᠣᠭ᠎ᠠ ᠴᠢᠳᠠᠮᠠᠭᠠᠢ ᠬᠡᠷᠡᠭᠯᠡᠭᠰᠡᠨ ᠤ ᠤᠯᠠᠮ ᠠ᠋ᠴᠠ ᠵᠣᠬᠢᠶᠠᠯ ᠨᠢ ᠠᠮᠢᠯᠠᠨ ᠬᠥᠳᠡᠯᠵᠦ ᠂ ᠪᠥᠵᠢᠭᠯᠡᠨ ᠳᠠᠷᠪᠢᠵᠤ ᠴᠢᠳᠠᠪᠠ ᠃
ᠰᠠᠢᠨᠴᠣᠭᠡ ᠶᠢᠨ《 ᠵᠢᠷᠤᠭ》 ᠭᠡᠰᠡᠨ ᠵᠠᠳᠠᠭᠠᠢ ᠰᠢᠯᠦᠭ ᠲᠦ᠍ 《 ᠰᠤᠪᠤᠳ ᠴᠥ᠍ ᠶᠤᠮ ᠤᠤ ? ᠡᠦᠲᠦ ᠴᠦ᠍ ᠶᠤᠮ ᠤᠤ? ᠬᠥᠪᠥᠩ ᠴᠦ᠍ ᠶᠤᠮ ᠦᠦ ? ᠡᠭᠦᠯᠡ ᠴᠥ᠍ ᠶᠤᠮ ᠤᠤ ? ᠭᠢᠯᠲᠠᠭᠠᠨᠠᠨ ᠬᠡᠷᠡᠯᠳᠦᠬᠦ ᠥᠩᠭᠡ ᠪᠡᠷ ᠨᠢ ᠰᠤᠪᠤᠳ ᠴᠥ᠍ ᠶᠤᠮ ᠤᠤ ᠭᠡᠮᠡᠷ ᠂ ᠭᠡᠲᠡᠯ᠎ᠡ ᠰᠤᠪᠤᠳ ᠵᠥᠪᠬᠡᠨ ᠠᠯᠠᠭᠠᠨ ᠳᠡᠭᠡᠷ᠎ᠡ ᠯᠡ ᠪᠥᠮᠪᠥᠷᠢᠬᠦ ᠡᠴᠡ ᠪᠢᠰᠢ ᠬᠡᠷᠬᠢᠨ ᠠᠲᠠᠷ ᠢ᠋ ᠪᠦᠷᠬᠦᠨ᠂ ᠲᠠᠯ᠎ᠠ ᠶ᠋ᠢ ᠳᠦᠭᠦᠷᠭᠡᠬᠦ ᠠᠵᠢ ᠃ ᠭᠢᠯᠠᠭᠠᠨᠠᠨ ᠠᠭᠰᠠᠢᠬᠤ ᠣᠯᠠᠨ ᠢ᠋ᠶ᠋ᠠᠷ ᠨᠢ ᠡᠦᠲᠦ ᠴᠢ ᠶᠤᠮ ᠦᠦ ᠭᠡᠮᠡᠷ ᠂ ᠭᠡᠲᠡᠯ᠎ᠡ ᠡᠦᠲᠦ ᠵᠥᠪᠬᠡᠨ ᠣᠷᠴᠢᠯᠠᠩ ᠤ᠋ᠨ ᠬᠥᠪ ᠲᠦ᠍ ᠠᠨᠢᠪᠴᠢᠨ ᠂ ᠣᠭᠲᠠᠷᠭᠤᠢ ᠶ᠋ᠢᠨ ᠴᠡᠭᠡᠯ ᠳ᠋ᠦ᠍ ᠵᠢᠭᠳᠡᠷᠡᠬᠦ ᠠ᠋ᠴᠠ ᠪᠢᠰᠢ ᠬᠡᠷᠬᠢᠨ ᠰᠢᠯᠢ ᠳ᠋ᠦ᠍ ᠡᠭᠡᠨᠡᠭᠰᠢᠨ ᠭᠣᠪᠢ ᠳ᠋ᠤ᠌ ᠢᠳᠡᠭᠡᠰᠢᠬᠦ ᠠᠵᠢ ᠂ ᠭᠠᠵᠠᠷ ᠪᠢᠯᠬᠠᠨ ᠬᠥᠬᠡᠷᠡᠬᠦ ᠪᠡᠷ ᠨᠢ ᠬᠥᠪᠥᠩ ᠴᠤ ᠶᠤᠮ ᠦᠦ ᠭᠡᠮᠡᠷ᠂ ᠭᠡᠲᠡᠯ᠎ᠡ ᠬᠦᠪᠦᠭ ᠬᠡᠳᠦᠢᠪᠡᠷ ᠬᠥᠷᠥᠰᠥᠨ ᠳᠣᠣᠷ᠎ᠠ ᠠ᠋ᠴᠠ ᠬᠦᠪᠦᠷᠡᠨ ᠂ ᠰᠢᠷᠣᠢ ᠠ᠋ᠴᠠ ᠰᠣᠶᠣᠭᠠᠯᠠᠳᠠᠭ ᠴᠥ᠍ ᠤᠮᠠᠷᠠᠲᠤ ᠣᠷᠣᠨ ᠤ᠋ ᠨᠠᠮᠤᠷ ᠤ᠋ᠨ ᠬᠢᠷᠠᠭᠤ ᠂ ᠡᠪᠦᠯ ᠦᠨ ᠰᠢᠭᠤᠷᠭ᠎ᠠ ᠶ᠋ᠢ ᠬᠡᠷᠬᠢᠨ ᠲᠤᠭᠤᠯᠬᠤ ᠠᠵᠢ ᠂ ᠭᠠᠯᠪᠠ ᠶ᠋ᠢ ᠬᠥᠰᠢᠭᠯᠡᠨ ᠴᠠᠢᠯᠵᠠᠬᠤ ᠪᠠᠷ ᠨᠢ ᠡᠭᠦᠯᠡ ᠴᠥ᠍ ᠶᠤᠮ ᠦᠦ ᠭᠡᠮᠡᠷ ᠂ ᠭᠡᠲᠡᠯ᠎ᠡ ᠡᠭᠦᠯᠡ ᠬᠡᠳᠦᠢᠪᠡᠷ ᠬᠠᠷᠠᠬᠤ ᠳ᠋ᠤ᠌ ᠨᠡᠯᠦᠭᠡᠷ ᠂ ᠦᠵᠡᠬᠦ ᠳ᠋ᠦ᠍ ᠳᠡᠯᠭᠡᠷ ᠴᠤ ᠲᠠᠩᠰᠤᠭ ᠵᠢᠷᠭᠠᠯ ᠤ᠋ᠨ ᠠᠮᠢᠯᠠᠯ ᠶ᠋ᠢᠨ ᠪᠡᠯᠭᠡ ᠂ ᠦᠷᠡᠵᠢᠯ ᠤᠨ ᠣᠨᠳᠣᠷᠭ᠎ᠠ ᠬᠡᠷᠬᠢᠨ ᠪᠠᠢᠬᠤ ᠠᠵᠠᠢ 》 ᠬᠡᠮᠡᠨ ᠬᠣᠨᠢᠨ ᠰᠦᠷᠦᠭ ᠢ᠋ ᠵᠢᠷᠤᠭᠯᠠᠨ ᠳᠦᠷᠰᠦᠯᠡᠭᠰᠡᠨ ᠪᠠᠢᠨ᠎ᠠ ᠃ ᠡᠭᠦᠨ ᠳ᠋ᠦ᠍ ᠡᠬᠢᠨ ᠦ᠌ ᠳᠥᠷᠪᠡᠨ ᠠᠰᠠᠭᠤᠯᠲᠠ 《 ᠰᠣᠪᠦᠳ ᠴᠦ᠍ ᠶᠤᠮ ᠤᠤ ? ᠡᠦᠲᠦ ᠴᠦ᠍ ᠶᠤᠮ ᠦᠦ ? ᠬᠥᠪᠥᠩ ᠶᠤᠮ ᠦᠦ ? ᠡᠭᠦᠯᠡ ᠴᠦ᠍ ᠶᠤᠮ ᠦᠦ ? 》 ᠭᠡᠵᠦ ᠡᠩ ᠵᠡᠷᠭᠡᠴᠡᠵᠦ ᠪᠠᠢᠬᠤ ᠪᠥᠭᠡᠳ《 ᠰᠤᠪᠤᠳ ᠂ ᠣᠳᠣ᠂ ᠬᠦᠪᠦᠩ ᠂ ᠡᠭᠦᠯᠡ》(ᠡᠨᠡ ᠪᠣᠯ ᠴᠥᠮ ᠬᠣᠨᠢ ᠲᠠᠢ ᠠᠳᠠᠯᠢ ᠴᠠᠭᠠᠨ ᠥᠩᠭᠡ ᠲᠡᠢ ) ᠳᠥᠷᠪᠡᠨ ᠨᠡᠷ᠎ᠡ ᠦᠭᠡ ᠶ᠋ᠢ ᠬᠣᠭᠣᠷᠣᠨᠳᠣ ᠨᠢ ᠵᠡᠷᠭᠡᠴᠡᠭᠦᠯᠪᠡ ᠃ ᠳᠠᠷᠠᠭᠠᠯᠠᠭᠠᠳ ᠬᠦᠴᠦ ᠨᠡᠮᠡᠭᠳᠡᠭᠦᠯᠦᠭᠰᠡᠨ ᠰᠤᠯᠠ ᠦᠭᠡ ᠳᠥᠷᠪᠡᠨ 《 ᠴᠥ᠍ 》᠂ ᠠᠰᠠᠭᠤᠯᠲᠠ ᠲᠠᠯᠪᠢᠭᠰᠠᠨ ᠰᠤᠯᠠ ᠦᠭᠡ ᠳᠥᠷᠪᠡᠨ 《 ᠶᠤᠮ ᠤᠤ ?》 ᠶᠢ ᠮᠥᠨ ᠠᠳᠠᠯᠢ ᠪᠦᠲᠦᠴᠡ ᠂ ᠠᠳᠠᠯᠢ ᠴᠤᠬᠢᠯᠭ᠎ᠠ ᠪᠠᠷ ᠵᠡᠷᠭᠡᠴᠡᠭᠦᠯᠦᠭᠰᠡᠨ ᠪᠠᠢᠨ᠎ᠠ ᠃ ᠬᠡᠷᠪᠡ ᠳᠥᠷᠪᠡᠨ ᠤᠷᠠᠨ ᠠᠰᠠᠭᠤᠯᠲᠠ ᠲᠠᠯᠪᠢᠭᠰᠠᠨ ᠪᠢᠰᠢ ᠂ ᠭᠠᠭᠴᠠᠬᠠᠨ ᠠᠰᠠᠭᠤᠯᠲᠠ ᠲᠠᠯᠪᠢᠭᠰᠠᠨ ᠶᠤᠮ ᠪᠣᠯ ᠤᠩᠰᠢᠭᠴᠢᠳ ᠲᠡᠳᠦᠢ ᠶᠡᠬᠡ ᠰᠣᠨᠢᠷᠬᠠᠬᠤ ᠦᠭᠡᠢ ᠴᠦ᠍ ᠮᠠᠭᠠᠳ ᠂ ᠳᠥᠷᠪᠡᠨ ᠤᠷᠠᠨ ᠠᠰᠠᠭᠤᠯᠲᠠ ᠶ᠋ᠢ ᠤᠭᠰᠠᠷᠠᠭᠤᠯᠤᠨ ᠲᠠᠯᠪᠢᠭᠰᠠᠨ ᠪᠣᠯᠬᠣᠷ ᠤᠩᠰᠢᠭᠴᠢᠳ ᠤ᠋ᠨ ᠤᠷᠮ᠎ᠠ ᠶ᠋ᠢ ᠠᠶᠠᠨᠳᠠᠭᠠᠨ ᠲᠠᠲᠠᠵᠠᠢ ᠃ ᠵᠠᠯᠭᠠᠭᠠᠳ ᠡᠨᠡᠬᠦ ᠳᠥᠷᠪᠡᠨ ᠤᠷᠠᠨ ᠠᠰᠠᠭᠤᠯᠲᠠ ᠪᠠᠨ ᠤᠯᠠᠮ ᠴᠢᠨᠠᠭᠰᠢᠳᠠ ᠴᠢᠩᠭᠠᠷᠠᠭᠤᠯᠤᠨ ᠳᠤᠷᠠᠳᠪᠠ ᠄ 《ᠭᠢᠯᠲᠠᠭᠠᠨᠠᠨ ᠬᠡᠷᠡᠯᠳᠦᠬᠦ ᠥᠩᠭᠡ ᠪᠡᠷ ᠨᠢ ᠰᠤᠪᠤᠳ ᠴᠤ᠌ ᠶᠤᠮ ᠤᠤ ᠭᠡᠮᠡᠷ ᠂ ᠭᠢᠯᠠᠭᠠᠨᠠᠨ ᠠᠭᠰᠠᠢᠬᠤ ᠣᠯᠠᠨ ᠢ᠋ᠶ᠋ᠠᠷ ᠨᠢ ᠡᠦᠲᠦ ᠴᠦ᠍ ᠶᠦ᠍ᠮ ᠦᠦ ᠭᠡᠮᠡᠷ ᠂ ᠭᠠᠵᠠᠷ ᠲᠤ᠌ ᠪᠢᠯᠬᠠᠨ ᠬᠥᠬᠡᠷᠡᠬᠦ ᠪᠡᠷ ᠨᠢ ᠬᠥᠪᠥᠩ ᠴᠦ᠍ ᠶᠦ᠍ᠮ ᠦᠦ ᠭᠡᠮᠡᠷ ᠂ ᠭᠠᠯᠪᠠ ᠶ᠋ᠢ ᠬᠥᠰᠢᠭᠡᠯᠡᠨ ᠴᠠᠢᠯᠵᠠᠬᠤ ᠪᠠᠷ ᠨᠢ ᠡᠭᠦᠯᠡ ᠴᠦ᠍ ᠦᠦ ᠭᠡᠮᠡᠷ 》 ᠭᠡᠵᠦ ᠲᠦᠷᠦᠭᠦᠨ ᠦ᠌ ᠲᠠᠯᠪᠢᠭᠰᠠᠨ ᠳᠥᠷᠪᠡᠨ ᠠᠰᠠᠭᠤᠯᠲᠠ ᠶ᠋ᠢᠨ ᠢ᠋ᠶ᠋ᠡᠨ ᠤᠴᠢᠷ ᠰᠢᠯᠲᠠᠭᠠᠨ ᠢ᠋ ᠨᠢ ᠶᠠᠷᠢᠵᠤ ᠂ ᠠᠰᠠᠭᠤᠯᠲᠠ ᠶ᠋ᠢᠨ ᠢ᠋ᠶ᠋ᠡᠨ ᠡᠷᠴᠢ ᠶ᠋ᠢ ᠵᠢᠭᠠᠬᠠᠨ ᠰᠤᠯᠠᠷᠠᠭᠤᠯᠤᠨ ᠠᠰᠠᠭᠤᠯᠲᠠ ᠪᠠᠨ ᠮᠠᠲᠣᠭ ᠪᠣᠯᠭᠠᠨ ᠳᠤᠷᠠᠳᠪᠠ ᠂ ᠡᠨᠡ ᠳᠥᠷᠪᠡᠨ ᠦᠭᠡ ᠬᠡᠳᠦᠢᠪᠡᠷ ᠨᠢᠭᠡ ᠳᠣᠣᠷ᠎ᠠ ᠤᠭᠰᠠᠷᠠᠭᠰᠠᠨ ᠦᠭᠡᠢ ᠪᠣᠯᠪᠠᠴᠤ ᠲᠡᠳᠡᠭᠡᠷ ᠦ᠋ᠨ ᠬᠣᠯᠪᠣᠭ᠎ᠠ ᠭᠢᠰᠬᠢᠴᠡ ᠂ ᠪᠦᠲᠦᠴᠡ ᠨᠠᠢᠷᠠᠭᠤᠯᠭ᠎ᠠ ᠡᠭᠡᠭᠡ ᠠᠳᠠᠯᠢ ᠪᠠᠢᠭ᠎ᠠ ᠶᠤᠮ ᠂ ᠡᠨᠡ ᠨᠢ ᠳᠡᠭᠡᠷᠡᠬᠢ ᠳᠥᠷᠪᠡᠨ ᠠᠰᠠᠭᠤᠯᠲᠠ ᠲᠠᠢ ᠪᠠᠨ ᠵᠠᠯᠭᠠᠵᠤ ᠪᠠᠢᠬᠤ ᠪᠥᠭᠡᠳ ᠳᠣᠣᠷᠠᠬᠢ ᠵᠦᠢᠯ ᠲᠡᠢ ᠪᠡᠨ ᠴᠦ᠍ ᠬᠣᠯᠪᠣᠯᠳᠤᠵᠤ ᠪᠠᠢᠨ᠎ᠠ ᠃ᠵᠣᠬᠢᠶᠠᠭᠴᠢ ᠦᠨᠡᠨᠳᠡᠭᠡᠨ ᠠᠰᠠᠭᠤᠯᠲᠠ ᠪᠠᠨ ᠰᠤᠯᠠᠳᠬᠠᠬᠤ ᠭᠡᠰᠡᠨ ᠪᠢᠰᠢ ᠂ ᠴᠢᠩᠭᠠᠳᠬᠠᠬᠤ ᠭᠡᠰᠡᠨ ᠪᠠᠢᠨ᠎ᠠ ᠂ ᠤᠴᠢᠷ ᠨᠢ 《 ᠭᠡᠲᠡᠯ᠎ᠡ ᠰᠤᠪᠤᠳ ᠵᠥᠪᠬᠡᠨ ᠁ ᠭᠡᠲᠡᠯ᠎ᠡ ᠡᠦᠲᠦ ᠵᠥᠪᠬᠡᠨ ᠁ ᠭᠡᠲᠡᠯ᠎ᠡ ᠬᠥᠪᠥᠩ ᠬᠡᠳᠦᠢᠪᠡᠷ ᠁ ᠭᠡᠲᠡᠯ᠎ᠡ ᠡᠭᠦᠯᠡ ᠬᠡᠳᠦᠢᠪᠡᠷ ᠁》 ᠭᠡᠵᠦ ᠰᠠᠶᠢ ᠶ᠋ᠢᠨ ᠰᠤᠯᠠᠷᠠᠭᠤᠯᠤᠭᠰᠠᠨ ᠠᠰᠠᠭᠤᠯᠲᠠ ᠪᠠᠨ 《 ᠭᠡᠲᠡᠯ᠎ᠡ 》ᠭᠡᠰᠡᠨ ᠦᠭᠡ ᠪᠡᠷ ᠨᠢᠭᠡ ᠯᠡ ᠤᠷᠪᠠᠭᠤᠯᠤᠭᠠᠳ ᠤᠯᠠᠮ ᠡᠷᠴᠢᠯᠡᠭᠦᠯᠦᠭᠰᠡᠨ ᠪᠢᠯᠡ ᠂ ᠲᠡᠷᠡ ᠨᠢ ᠬᠠᠷᠢᠨ ᠠᠰᠠᠭᠤᠯᠲᠠ ᠪᠠᠨ ᠨᠤᠲᠠᠯᠠᠬᠤ ᠭᠡᠰᠡᠨ ᠪᠢᠰᠢ ᠂ ᠦᠭᠡᠢᠰᠬᠡᠬᠦ ᠭᠡᠰᠡᠨ ᠪᠠᠢᠵᠠᠢ ᠂ ᠪᠦᠷ ᠡᠴᠦᠰ ᠲᠦ᠋ᠨᠢ ᠵᠠᠯᠭᠠᠪᠠᠷ ᠳᠥᠷᠪᠡᠨ 《ᠬᠡᠷᠬᠢᠨ ᠁ ᠠᠵᠢ ᠃ ᠬᠡᠷᠬᠢᠨ ᠁ ᠠᠵᠢ 》 ᠭᠡᠳᠡᠭ ᠢ᠋ᠶ᠋ᠡᠷ ᠠᠰᠠᠭᠤᠯᠲᠠ ᠪᠠᠨ ᠪᠦᠷᠢᠨ ᠦᠭᠡᠢᠰᠬᠡᠵᠡᠢ ᠃ ᠭᠡᠲᠡᠯ᠎ᠡ ᠪᠦᠷᠢᠨ ᠦᠭᠡᠢᠰᠬᠡᠭᠰᠡᠨ ᠶᠠᠪᠤᠳᠠᠯ ᠪᠣᠯ ᠨᠡᠩ ᠬᠦᠴᠦᠲᠡᠢ ᠪᠡᠷ ᠨᠤᠲᠠᠯᠠᠬᠤ ᠶ᠋ᠢᠨ ᠲᠥᠯᠥᠭᠡ ᠠᠵᠢ ᠂ ᠲᠡᠭᠡᠭᠡᠳ ᠳᠠᠷᠠᠭᠠᠴᠢ ᠶ᠋ᠢᠨ ᠪᠠᠳᠠᠭ ᠲᠤ᠌ ᠄ 《 ᠯᠢᠩᠪᠦ ᠶ᠋ᠢᠨ ᠣᠷᠬᠢᠯᠭᠠ ᠪᠠᠷ ᠴᠢᠨᠳᠠᠭᠠᠨ ᠬᠠᠯᠢᠶ᠎ᠠ ᠠᠶᠠᠷᠬᠠᠨ ᠨᠡᠭᠦᠵᠦ ᠂ ᠳᠠᠭᠤᠤ ᠶ᠋ᠢᠨ ᠬᠠᠩᠭᠢᠨᠠᠭ᠎ᠠ ᠪᠠᠷ ᠮᠢᠨᠳᠠᠰᠤᠨ ᠳᠣᠯᠭᠢᠶ᠎ᠠ ᠬᠥᠭᠡᠰᠦᠷᠡᠨ ᠴᠠᠢᠯᠵᠠᠨᠠ ᠁ 》 ᠭᠡᠵᠦ ᠠᠯᠢ ᠣᠯᠠᠨ ᠤᠷᠠᠨ ᠠᠰᠠᠭᠤᠯᠲᠠ ᠂ ᠠᠯᠢ ᠣᠯᠠᠨ ᠰᠤᠯᠠᠳᠬᠠᠭᠰᠠᠨ ᠠᠰᠠᠭᠤᠯᠲᠠ ᠂ᠴᠢᠩᠭᠠᠳᠬᠠᠭᠰᠠᠨ ᠠᠰᠠᠭᠤᠯᠲᠠ ᠂ ᠠᠯᠢ ᠣᠯᠠᠨ ᠦᠭᠡᠢᠰᠬᠡᠯ ᠦ᠋ᠨ ᠢ᠋ᠶ᠋ᠡᠨ ᠬᠠᠷᠢᠭᠤ ᠳ᠋ᠤ᠌ ᠬᠥᠭᠡᠰᠦᠷᠡᠨ ᠴᠠᠢᠯᠵᠠᠨ ᠠᠢᠰᠤᠢ ᠨᠢ ᠰᠤᠪᠤᠳ ᠴᠤ᠌ ᠪᠢᠰᠢ ᠂ ᠡᠦᠲᠦ ᠴᠦ᠍ ᠪᠢᠰᠢ ᠂ ᠬᠥᠪᠥᠩ ᠴᠦ᠍ ᠪᠢᠰᠢ ᠂ ᠡᠭᠦᠯᠡ ᠴᠦ᠍ ᠪᠢᠰᠢ ᠂ ᠬᠠᠷᠢᠨ ᠬᠣᠨᠢᠨ ᠰᠦᠷᠦᠭ ᠶᠦ᠍ᠮ ᠪᠠᠢᠨ᠎ᠠ ᠭᠡᠰᠡᠨ ᠢ᠋ᠶ᠋ᠡᠨ ᠲᠣᠳᠣᠷᠠᠭᠤᠯᠵᠠᠢ ᠃ ᠡᠨᠡ ᠮᠡᠲᠦ ᠂ ᠬᠣᠣᠰᠯᠠᠯ ᠂ ᠵᠡᠷᠭᠡᠴᠡᠭᠦᠯᠦᠯ ᠂ ᠤᠭᠰᠠᠷᠠᠭᠤᠯᠤᠯ ᠢ᠋ ᠬᠡᠷᠡᠭᠯᠡᠭᠰᠡᠨ ᠨᠢ ᠵᠣᠬᠢᠶᠠᠯ ᠤ᠋ᠨ ᠠᠭᠤᠷ ᠠᠮᠢᠰᠬᠤᠯ ᠢ᠋ ᠥᠳᠬᠡᠷᠡᠭᠦᠯᠦᠨ ᠵᠤᠵᠠᠭᠠᠳᠬᠠᠬᠤ ᠳ᠋ᠤ᠌ ᠂ ᠵᠣᠬᠢᠶᠠᠯ ᠤ᠋ᠨ ᠤᠳᠬ᠎ᠠ ᠰᠠᠨᠠᠭ᠎ᠠ ᠶ᠋ᠢ ᠭᠦᠨᠵᠡᠭᠡᠢᠷᠡᠭᠦᠯᠦᠨ ᠳᠣᠪᠣᠢᠯᠭᠠᠬᠤ ᠳ᠋ᠤ᠌ ᠂ ᠵᠣᠬᠢᠶᠠᠯ ᠤ᠋ᠨ ᠥᠩᠭᠡ ᠭᠢᠯᠪᠠᠭ᠎ᠠ ᠶ᠋ᠢ ᠭᠢᠯᠠᠰᠠᠭᠤᠯᠤᠨ ᠲᠤᠶᠠᠭᠠᠷᠠᠭᠤᠯᠬᠤ ᠳ᠋ᠤ᠌ ᠂ ᠵᠣᠬᠢᠶᠠᠯ ᠳ᠋ᠤ᠌ ᠬᠥᠭ ᠠᠶᠠᠰ ᠢ᠋ ᠬᠦᠴᠦᠵᠢᠭᠦᠯᠦᠨ ᠨᠡᠮᠡᠭᠳᠡᠭᠦᠯᠬᠦ ᠳ᠋ᠦ᠍ ᠴᠥᠮ ᠵᠦᠢᠷᠯᠡᠰᠢ ᠦᠭᠡᠢ ᠠᠴᠢ ᠦᠢᠯᠡᠳᠦᠯ ᠦᠵᠡᠭᠦᠯᠦᠭᠰᠡᠨ ᠪᠠᠢᠳᠠᠭ ᠃ ᠨᠢᠭᠡᠨ ᠬᠡᠰᠡᠭ ᠪᠠᠳᠠᠭ ᠲᠤ᠌ ᠠᠪᠴᠤ ᠬᠡᠯᠡᠪᠡᠯ ᠬᠣᠣᠰᠯᠠᠯ ᠂ ᠵᠡᠷᠭᠡᠴᠡᠭᠦᠯᠦᠯ ᠂ ᠤᠭᠰᠠᠷᠠᠭᠤᠯᠤᠯ ᠨᠢ ᠡᠢᠮᠦ ᠪᠠᠢᠳᠠᠭ ᠂ ᠬᠣᠯᠪᠣᠭ᠎ᠠ ᠬᠣᠣᠰ ᠥᠭᠦᠯᠡᠪᠦᠷᠢ ᠳ᠋ᠦ᠍ ᠠᠪᠴᠤ ᠬᠡᠯᠡᠬᠦ ᠶᠦ᠍ᠮ ᠪᠣᠯ ᠨᠡᠩ ᠨᠡᠢᠳᠡᠮ ᠬᠠᠷᠠᠭᠳᠠᠨ᠎ᠠ ᠃ 《 ᠣᠷᠣᠭ᠎ᠠ ᠪᠤᠰᠬᠠᠭ᠎ᠠ ᠣᠨ ᠰᠠᠷ᠎ᠠ ᠂ ᠤᠷᠲᠤ ᠰᠥᠨᠢ ᠶ᠋ᠢᠨ ᠵᠡᠭᠦᠳᠦ ᠮᠡᠲᠦ ᠃ ᠤᠯᠠᠷᠢᠨ ᠨᠢᠰᠬᠦ ᠲᠡᠦᠬᠡ ᠶ᠋ᠢᠨ ᠬᠦᠷᠳᠦ ᠂ ᠥᠷᠭᠡᠨ ᠮᠥᠷᠡᠨ ᠦ᠌ ᠬᠦᠷᠬᠢᠷ᠎ᠡ ᠠᠳᠠᠯᠢ ᠃ 》 ( ᠪᠦᠬᠡᠲᠡᠮᠦᠷ᠄ 《 ᠨᠤᠲᠤᠭ ᠤ᠋ᠨ ᠬᠥᠷᠥᠰᠥ 》) 《 ᠰᠢᠷ᠎ᠠ ᠡᠯᠡᠰᠦ ᠰᠢᠷᠣᠢ ᠶ᠋ᠢᠨ ᠬᠠᠨᠵᠤ ᠨᠠᠳᠠ ᠶ᠋ᠢ ᠲᠤᠰᠴᠠᠢ ᠃ ᠴᠠᠭᠠᠨ ᠬᠤᠮᠠᠭ ᠴᠠᠷᠠᠰᠤᠨ ᠥᠯᠥᠭᠡᠢ ᠨᠠᠳᠠ ᠶ᠋ᠢ ᠲᠣᠷᠨᠢᠭᠤᠯᠵᠠᠢ ᠃ ᠪᠥᠭᠡᠯ ᠪᠥᠭᠡᠯ —ᠭᠠᠵᠠᠷ ᠳᠡᠭᠡᠷ᠎ᠡ ᠪᠡᠨ ᠪᠢ ᠭᠠᠨᠠᠢᠨ ᠵᠣᠭᠰᠣᠯ᠎ᠠ ᠃ᠪᠥᠮᠪᠥᠷ ᠪᠥᠮᠪᠥᠷ —ᠬᠥᠷᠥᠰᠥᠨ ᠳᠡᠭᠡᠷ᠎ᠡ ᠪᠡᠨ ᠪᠢ ᠬᠥᠯ ᠳ᠋ᠦ᠍ ᠣᠷᠣᠯ᠎ᠠ ᠃ ᠤᠨᠠᠭᠰᠠᠨ ᠰᠢᠷᠣᠢ ᠳ᠋ᠤ᠌ ᠮᠢᠨᠢ ᠬᠠᠢᠷ ᠲᠠᠢ ᠰᠠᠢᠷ ᠲᠠᠢ ᠴᠤ᠌ ᠂ ᠤᠷᠭᠤᠭᠰᠠᠨ ᠵᠢᠷᠦᠬᠡᠨ ᠳ᠋ᠦ᠍ ᠮᠢᠨᠢ ᠬᠠᠢᠯ ᠲᠠᠢ ᠤᠢᠯ ᠲᠠᠢ ᠴᠤ᠌ ! ᠠ ᠂ ᠬᠠᠯᠠᠭᠠᠳ ᠰᠢᠷᠣᠢ ! 》 ( ᠲ .ᠪᠤᠶᠠᠨ ᠄ 《 ᠬᠠᠯᠠᠭᠤᠨ ᠰᠢᠷᠣᠢ 》 ) 《 ᠬᠠᠨ᠎ᠠ ᠶ᠋ᠢᠨ ᠢᠷᠣᠭᠠᠷ ᠲᠤ᠌ ᠮᠥᠯᠬᠥᠭᠰᠡᠨ ᠮᠥᠷ ᠢ᠋ ᠂ ᠬᠠᠲᠠᠪᠴᠢ ᠳᠠᠪᠠᠭᠠᠳ ᠭᠢᠰᠬᠢᠭᠰᠡᠨ ᠮᠥᠷ ᠢ᠋ ᠂ ᠬᠠᠨᠠᠭᠠᠷ ᠲᠠᠯ᠎ᠠ ᠪᠠᠷ ᠲᠣᠭᠯᠠᠭᠰᠠᠨ ᠮᠥᠷ ᠢ᠋ ᠂ ᠬᠠᠩᠭᠠᠯ ᠡᠮᠨᠢᠭ ᠴᠢᠬᠢᠳᠡᠭᠰᠡᠨ ᠮᠥᠷ ᠢ᠋ ᠬᠥᠷᠥᠰᠥᠨ ᠳ᠋ᠡᠭᠡᠨ ᠦᠯᠡᠳᠡᠭᠡᠭᠰᠡᠨ ᠨᠤᠲᠤᠭ ᠮᠢᠨᠢ ᠃ ᠪᠣᠷᠣ ᠮᠥᠷ ᠮᠢᠨᠢ ᠲᠡᠨᠳᠡ ᠂ᠪᠣᠰᠤᠭ᠎ᠠ ᠪᠡᠶ᠎ᠡ ᠮᠢᠨᠢ ᠠᠳᠠ ᠃ ᠪᠣᠷᠣ ᠮᠥᠷ ᠮᠢᠨᠦ ᠥᠮᠴᠢ ᠂ ᠪᠣᠰᠤᠭ᠎ᠠ ᠪᠡᠶ᠎ᠡ ᠴᠢᠨᠦ ᠥᠮᠴᠢ ᠃》 ( ᠣ ᠪᠤᠶᠠᠨ᠋ᠥ᠌ᠯᠵᠡᠢ᠄ 《 ᠡᠬᠡ ᠨᠤᠳᠤᠨ ᠤ᠋ ᠨᠠᠢᠷᠠᠯ 》 ) ᠡᠢᠮᠦᠷᠬᠦ ᠵᠢᠱ᠌ᠢᠶ᠎ᠡ ᠲᠤᠰ ᠲᠡᠭᠦᠪᠦᠷᠢ ᠳ᠋ᠦ᠍ ᠤᠴᠢᠷ ᠦᠭᠡᠢ ᠣᠯᠠᠨ ᠪᠠᠢᠨ᠎ᠠ ᠂ ᠳᠡᠭᠡᠷᠡᠬᠢ ᠪᠣᠯ ᠲᠥᠯᠥᠭᠡᠯᠡᠭᠴᠢ ᠴᠢᠨᠠᠷᠲᠠᠢ ᠵᠢᠱ᠌ᠢᠶ᠎ᠡ ᠪᠢᠰᠢ ᠂ ᠵᠠᠬ᠎ᠠ ᠵᠣᠬᠠ ᠠ᠋ᠴᠠ ᠨᠢ ᠭᠠᠷ ᠤ᠋ᠨ ᠠᠶ᠎ᠠ ᠪᠠᠷ ᠲᠠᠲᠠᠭᠰᠠᠨ ᠵᠢᠱ᠌ᠢᠶ᠎ᠡ ᠲᠡᠳᠦᠢ ᠶᠦ᠍ᠮ ᠃ ᠡᠭᠦᠨ ᠡᠴᠡ ᠪᠢᠳᠡ ᠂ ᠵᠠᠳᠠᠭᠠᠢ ᠰᠢᠯᠦᠭ ᠦ᠋ᠨ ᠬᠡᠯᠡ ᠬᠡᠯᠡᠯᠭᠡ ᠶ᠋ᠢ ᠰᠠᠢᠵᠢᠷᠠᠭᠤᠯᠬᠤ ᠳ᠋ᠤ᠌ ᠬᠣᠣᠰᠯᠠᠯ ᠂ ᠵᠡᠷᠭᠡᠴᠡᠭᠦᠯᠦᠯ ᠂ ᠤᠭᠰᠠᠷᠠᠭᠤᠯᠤᠯ ᠢ᠋ ᠂ ᠠᠳᠠᠯᠢᠳᠬᠠᠯ ᠂ ᠵᠦᠢᠷᠯᠡᠯ ᠂ ᠴᠢᠮᠡᠭᠯᠡᠯ ᠢ᠋ ᠣᠯᠠᠨᠲᠠ ᠬᠡᠷᠡᠭᠯᠡᠬᠦ ᠨᠢ ᠨᠢᠭᠡᠨ ᠵᠢᠮ᠎ᠡ ᠶᠣᠰᠣᠴᠢ ᠴᠢᠨᠠᠷᠲᠠᠢ ᠠᠷᠭ᠎ᠠ ᠪᠠᠷᠢᠯ ᠪᠣᠯᠤᠨ᠎ᠠ ᠭᠡᠰᠡᠨ ᠳ᠋ᠦᠩ ᠢ᠋ ᠭᠠᠷᠭᠠᠵᠤ ᠪᠣᠯᠬᠤ ᠶᠤᠮ ᠃
10
ᠲᠤᠰ ᠲᠡᠭᠦᠪᠦᠷᠢ ᠶ᠋ᠢ ᠤᠩᠰᠢᠭᠠᠳ ᠨᠠᠳᠠ ᠬᠠᠩᠭᠠᠮᠵᠢ ᠦᠭᠡᠢ ᠰᠠᠨᠠᠭᠳᠠᠭᠰᠠᠨ ᠵᠦᠢᠯ ᠭᠡᠪᠡᠯ ᠂ ᠤᠷᠠᠨ ᠴᠢ ᠣᠪᠣᠭ᠎ᠠ ᠤᠷᠠᠨ ᠶᠤᠮ ᠂ ᠰᠠᠢᠬᠠᠨ ᠴᠤ᠌ ᠣᠪᠣᠭ᠎ᠠ ᠰᠠᠢᠬᠠᠨ ᠶᠤᠮ ᠂ ᠭᠠᠭᠴᠠᠬᠦ ᠰᠦᠷ ᠳᠠᠯᠠᠢᠴᠠ ᠪᠠᠷ ᠬᠣᠮᠰᠠᠳᠠᠵᠤ ᠂ ᠢᠳᠡ ᠬᠦᠴᠦ ᠪᠡᠷ ᠳᠤᠯᠢᠬᠠᠨ ᠰᠢᠭ᠋ ᠪᠠᠢᠨ᠎ᠠ ᠃ ᠮᠠᠨ ᠤ᠋ ᠴᠠᠭ ᠦᠶ᠎ᠡ ᠪᠣᠯ ᠠᠮᠵᠢᠯᠲᠠ ᠪᠦᠲᠦᠭᠡᠯ ᠠᠭᠤᠯᠠ ᠣᠪᠣᠭ᠎ᠠ ᠰᠢᠭ᠋ ᠰᠦᠨᠳᠡᠷᠯᠡᠵᠦ ᠂ ᠤᠷᠤᠭᠰᠢᠯᠠᠯᠲᠠ ᠲᠠᠪᠰᠢᠯᠲᠠ ᠲᠡᠢᠷᠦᠯᠲᠦ ᠰᠤᠮᠤ ᠰᠢᠭ᠋ ᠲᠦᠷᠭᠡᠨ ᠠᠭᠤᠤ ᠶᠡᠬᠡ ᠴᠠᠭ ᠡᠷᠡᠨ ᠮᠥᠨ ᠂ ᠮᠠᠨ ᠤ᠋ ᠠᠷᠠᠳ ᠲᠦᠮᠡᠨ ᠪᠣᠯ ᠠᠭᠤᠯᠠ ᠶ᠋ᠢ ᠨᠡᠭᠦᠯᠭᠡᠵᠦ ᠳᠠᠯᠠᠢ ᠶ᠋ᠢ ᠶᠡᠭᠦᠯᠡᠴᠢᠮᠡᠷ ᠬᠦᠴᠦᠨ ᠲᠡᠢ ᠂ ᠠᠯᠲᠠᠨ ᠨᠠᠷᠠᠨ ᠠ᠋ᠴᠠ ᠡᠨᠧᠷᠭᠢ ᠠᠪᠴᠤ ᠂ ᠠᠨᠠᠪᠠᠳ ᠳᠠᠯᠠᠢ ᠠ᠋ᠴᠠ ᠡᠷᠳᠡᠨᠢ ᠮᠠᠯᠲᠠᠬᠤ ᠴᠢᠳᠠᠯ ᠲᠠᠢ ᠠᠷᠠᠳ ᠲᠦᠮᠡᠨ ᠮᠥᠨ ᠂ ᠮᠠᠨ ᠤ᠋ ᠨᠠᠮ ᠪᠣᠯ ᠲᠦᠮᠡᠨ ᠢ᠋ᠶ᠋ᠡᠨ ᠳᠠᠢᠴᠢᠯᠠᠨ ᠲᠡᠦᠬᠡ ᠶ᠋ᠢ ᠤᠷᠤᠭᠰᠢᠯᠠᠭᠤᠯᠵᠤ ᠂ ᠪᠦᠬᠦᠨ ᠢ᠋ᠶ᠋ᠡᠨ ᠤᠳᠤᠷᠢᠳᠤᠨ ᠪᠥᠮᠪᠥᠷᠴᠡᠭ ᠢ᠋ ᠵᠠᠰᠠᠵᠤ ᠴᠢᠳᠠᠬᠤ ᠠᠭᠤᠤ ᠶᠡᠬᠡ ᠰᠣᠳᠣ ᠮᠡᠷᠭᠡᠨ ᠨᠠᠮ ᠮᠥᠨ ᠂ ᠲᠡᠢᠮᠦ ᠡᠴᠡ ᠂ ᠵᠣᠬᠢᠶᠠᠯ ᠳᠣᠲᠣᠷ᠎ᠠ ᠮᠠᠨ ᠤ᠋ ᠴᠠᠭ ᠡᠷᠡᠨ ᠦ᠌ ᠲᠡᠦᠬᠡᠨ ᠤᠯᠠ ᠮᠥᠷ ᠂ ᠰᠦᠷ ᠵᠢᠪᠬᠤᠭ᠎ᠠ ᠂ ᠴᠣᠭ ᠰᠦᠯᠳᠡ ᠶ᠋ᠢ ᠣᠮᠤᠭᠯᠠᠩᠭᠤᠢ ᠲᠤᠰᠬᠠᠬᠤ ᠨᠢ ᠵᠣᠬᠢᠶᠠᠯᠴᠢᠳ ᠤ᠋ᠨ ᠢᠷᠠᠭᠤ ᠠᠯᠳᠠᠷᠲᠤ ᠡᠭᠦᠷᠭᠡ ᠬᠠᠷᠢᠭᠤᠴᠠᠯᠭ᠎ᠠ ᠪᠣᠯᠤᠨ᠎ᠠ ᠃ ᠲᠤᠰ ᠲᠡᠭᠦᠪᠦᠷᠢ ᠳ᠋ᠦ᠍ ᠴᠠᠭ ᠦᠶ᠎ᠡ ᠶ᠋ᠢᠨ ᠰᠤᠳᠠᠰᠤ ᠯᠤᠭᠰᠢᠯᠲᠠ ᠴᠣᠬᠢᠯᠬᠤ ᠨᠢ ᠴᠣᠬᠢᠯᠵᠤ ᠪᠠᠢᠨ᠎ᠠ ᠂ ᠭᠡᠲᠡᠯ᠎ᠡ ᠰᠦᠷ ᠳᠠᠯᠠᠢᠴᠠ ᠬᠦᠷᠬᠦ ᠦᠭᠡᠢ ᠂ ᠰᠦᠯᠳᠡ ᠵᠢᠪᠬᠤᠭ᠎ᠠ ᠢᠳᠡ ᠦᠭᠡᠢ ᠂ ᠮᠠᠨ ᠤ᠋ ᠴᠠᠭ ᠦᠶ᠎ᠡ ᠶ᠋ᠢᠨ ᠬᠠᠩᠭᠢᠨᠠᠮ᠎ᠠ ᠠᠶᠠᠰ ᠬᠦᠩᠬᠢᠨᠡᠮ᠎ᠡ ᠴᠤᠤᠷᠢᠶ᠎ᠠ ᠂ ᠮᠠᠨ ᠤ᠋ ᠠᠷᠠᠳ ᠲᠦᠮᠡᠨ ᠦ᠌ ᠠᠤᠭ᠎ᠠ ᠭᠠᠪᠢᠶ᠎ᠠ ᠠᠪᠤᠷᠭᠤ ᠠᠯᠬᠤᠮ ᠂ ᠮᠠᠨ ᠤ᠋ ᠨᠠᠮ ᠤ᠋ᠨ ᠮᠡᠷᠭᠡᠨ ᠪᠢᠯᠢᠭ ᠰᠣᠳᠣ ᠤᠳᠤᠷᠢᠳᠤᠯᠭ᠎ᠠ ᠂ ᠮᠠᠨ ᠤ᠋ ᠲᠡᠦᠬᠡᠨ ᠤᠷᠤᠭᠰᠢᠯᠠᠯᠲᠠ ᠶ᠋ᠢᠨ ᠴᠣᠭ ᠵᠢᠪᠬᠤᠭ᠎ᠠ ᠂ ᠰᠦᠷ ᠰᠦᠯᠳᠡ ᠶ᠋ᠢ ᠬᠠᠮᠤᠭ ᠢᠳᠡᠷᠡᠭᠦᠨ ᠂ ᠬᠠᠮᠤᠭ ᠠᠮᠢᠳᠤᠯᠢᠭ ᠂ ᠬᠠᠮᠤᠭ ᠣᠮᠣᠭᠯᠠᠭᠤᠨ ᠳᠦᠷᠰᠦᠯᠡᠨ ᠵᠢᠷᠤᠭᠯᠠᠬᠤ ᠶ᠋ᠢ ᠴᠢᠩ ᠰᠡᠳᠬᠢᠯ ᠡᠴᠡ ᠪᠡᠨ ᠬᠦᠯᠢᠶᠡᠨ ᠰᠠᠭᠤᠨᠠᠮ ᠃ ᠵᠠᠷᠢᠮ ᠵᠣᠬᠢᠶᠠᠭᠴᠢ ᠶ᠋ᠢᠨ ᠵᠠᠷᠢᠮ ᠵᠣᠬᠢᠶᠠᠯ ᠨᠢ ᠳᠡᠩᠳᠡᠭᠦᠦ ᠰᠤᠯᠠ ᠂ ᠤᠷᠠᠨ ᠰᠠᠨᠠᠭ᠎ᠠ ᠳᠤᠯᠢᠮᠠᠭ ᠂ ᠤᠳᠬ᠎ᠠ ᠰᠠᠨᠠᠭ᠎ᠠ ᠳᠤᠲᠠᠮᠠᠭ ᠂ ᠦᠵᠡᠭᠦᠯᠦᠮᠡᠷ ᠦᠵᠡᠮᠵᠢ ᠦᠭᠡᠢ ᠂ ᠰᠡᠳᠬᠢᠭᠦᠯᠦᠮᠡᠷ ᠤᠳᠬ᠎ᠠ ᠦᠭᠡᠢ ᠂ ᠰᠢᠮᠡᠭᠦᠯᠦᠮᠡᠷ ᠠᠮᠲᠠ ᠦᠭᠡᠢ ᠂ ᠰᠣᠨᠣᠷᠳᠠᠭᠤᠯᠤᠮᠠᠷ ᠡᠭᠡᠰᠢᠭ ᠦᠭᠡᠢ ᠂ᠤᠶᠠᠩᠭᠠᠯᠠᠭᠰᠠᠨ ᠰᠡᠳᠬᠢᠯᠭᠡ ᠨᠢ ᠢᠯᠡ ᠮᠥᠷᠲᠡᠭᠡᠨ ᠵᠠᠳᠠᠭᠠᠢ ᠂ ᠬᠠᠰᠬᠢᠷᠤᠭᠰᠠᠨ ᠯᠣᠽᠦ᠋ᠩ ᠨᠢ ᠰᠤᠯᠠ ᠮᠥᠷᠲᠡᠭᠡᠨ ᠶᠡᠷᠦᠮᠳᠡᠭ ᠂ ᠲᠡᠷᠡᠴᠢᠯᠡᠨ ᠳᠦᠷᠰᠦᠯᠡᠯ ᠵᠢᠷᠤᠭᠯᠠᠯ ᠴᠤ᠌ ᠦᠭᠡᠢ ᠂ ᠲᠠᠩᠳᠠ ᠰᠠᠨᠠᠭᠰᠠᠨ ᠢ᠋ᠶ᠋ᠠᠷ ᠢ᠋ᠶ᠋ᠠᠨ ᠰᠢᠪᠲᠤᠷᠤᠭᠠᠳ ᠂ ᠪᠣᠳᠣᠭᠰᠠᠨ ᠢ᠋ᠶ᠋ᠠᠷ ᠢ᠋ᠶ᠋ᠠᠨ ᠲᠦᠯᠬᠢᠵᠦ ᠪᠠᠢᠨ᠎ᠠ ᠃ ᠥᠭᠡᠷ᠎ᠡ ᠪᠡᠷ ᠬᠡᠯᠡᠪᠡᠯ ᠂ ᠰᠢᠯᠦᠭᠯᠡᠯ ᠦ᠋ᠨ ᠮᠠᠲ᠋ᠧᠷᠢᠶᠠᠯ ᠢ᠋ᠶ᠋ᠠᠨ ᠬᠠᠷᠠᠬᠠᠨ ᠢᠯᠡᠷᠡᠭᠦᠯᠦᠭᠡᠳᠦᠢ ᠪᠡᠷ ᠬᠠᠷ᠎ᠠ ᠬᠦᠴᠦ ᠪᠡᠷ ᠰᠢᠪᠬᠠᠵᠤ ᠪᠠᠢᠨ᠎ᠠ ᠂ ᠤᠶᠠᠩᠭ᠎ᠠ ᠰᠡᠳᠬᠢᠯᠭᠡ ᠨᠢ ᠪᠤᠴᠠᠯᠤᠭᠠᠳᠤᠢ ᠪᠠᠷ ᠪᠢᠷ ᠠᠪᠤᠭᠠᠳ ᠵᠢᠷᠤᠵᠤ ᠪᠠᠢᠨ᠎ᠠ ᠂ ᠲᠡᠭᠡᠭᠰᠡᠨ ᠮᠥᠷᠲᠡᠭᠡᠨ ᠬᠦᠴᠦ ᠰᠢᠪᠬᠠᠵᠤ ᠬᠥᠳᠡᠯᠮᠦᠷᠢ ᠣᠷᠣᠭᠤᠯᠤᠨ ᠂ ᠣᠯᠠᠨ ᠳᠠᠬᠢᠨ ᠲᠤᠩᠭᠠᠨ ᠪᠣᠯᠪᠠᠰᠤᠷᠠᠭᠤᠯᠵᠤ ᠂ ᠡᠷᠭᠢᠨ ᠡᠷᠭᠢᠨ ᠵᠠᠰᠠᠵᠤ ᠴᠢᠮᠡᠭᠯᠡᠬᠦ ᠶ᠋ᠢ ᠬᠢᠴᠢᠶᠡᠬᠦ ᠦᠭᠡᠢ ᠡᠴᠡ ᠦᠨ᠎ᠡ ᠴᠠᠨ᠎ᠠ ᠦᠭᠡᠢ ᠬᠢᠮᠳᠠ ᠂ ᠦᠵᠡᠮᠵᠢ ᠳᠦᠷᠢ ᠦᠭᠡᠢ ᠵᠡᠪᠡᠬᠡᠢ ᠂ ᠤᠶᠠᠩᠭᠠᠰᠡᠳᠬᠢᠯᠭᠡ ᠦᠭᠡᠢ ᠬᠠᠲᠠᠩᠬᠠᠢ ᠂ ᠤᠷᠠᠨ ᠰᠠᠨᠠᠭ᠎ᠠ ᠦᠭᠡᠢ ᠴᠤᠯᠭᠤᠢ ᠵᠣᠬᠢᠶᠠᠯ ᠤᠳ ᠪᠠᠬᠠᠨ ᠣᠷᠣᠵᠤ ᠲᠤᠰ ᠲᠡᠭᠦᠪᠦᠷᠢ ᠶ᠋ᠢᠨ ᠭᠢᠯᠪᠠᠭ᠎ᠠ ᠶ᠋ᠢ ᠪᠠᠭᠤᠷᠠᠭᠤᠯᠵᠤ ᠬᠦᠨᠳᠦ ᠶ᠋ᠢᠨ ᠵᠢᠩ ᠢ᠋ ᠨᠢ ᠬᠥᠩᠭᠡᠯᠡᠬᠦ ᠮᠠᠶᠢᠭ ᠭᠠᠷᠴᠤ ᠪᠠᠢᠨ᠎ᠠ ᠃ᠭᠡᠰᠡᠨ ᠶᠠᠭᠠᠮᠠᠢ᠂ ᠡᠨᠡ ᠪᠣᠯ ᠤᠤᠭᠠᠨ ᠲᠡᠭᠦᠪᠦᠷᠢ ᠰᠢᠦ ᠲᠠ ᠂ ᠤᠤᠭᠠᠨ ᠲᠡᠭᠦᠪᠦᠷᠢ ᠤᠴᠢᠷ ᠠ᠋ᠴᠠ ᠪᠠᠨ ᠲᠤᠷᠰᠢᠵᠤ ᠣᠷᠣᠯᠳᠣᠬᠤ ᠶ᠋ᠢ ᠵᠥᠪᠰᠢᠶᠡᠷᠡᠨ᠎ᠡ ᠃ᠥᠩᠭᠡ ᠮᠠᠭᠤᠬᠠᠢ ᠴᠤ᠌ ᠭᠡᠰᠡᠨ ᠴᠡᠴᠡᠭ ᠰᠢᠦ ᠲᠠ ᠂ ᠦᠨᠦᠷ ᠠᠨᠠᠢ ᠴᠢ ᠭᠡᠰᠡᠨ ᠰᠠᠷᠬᠤᠳ ᠰᠢᠦ ᠲᠠ ᠂ ᠡᠨᠳᠡᠬᠢ ᠴᠡᠴᠡᠭ ᠦ᠋ᠨ ᠬᠦᠷᠢᠶᠡᠯᠡᠩ ᠳ᠋ᠦ᠍ ᠲᠠᠯᠪᠢᠵᠤ ᠯᠠ ᠪᠠᠢᠭ ᠂ ᠥᠪᠡᠷ ᠦ᠋ᠨ ᠥᠩᠭᠡ ᠨᠢ ᠳᠤᠯᠢᠮᠠᠭ ᠴᠤ᠌ ᠪᠤᠰᠤᠳ ᠢ᠋ ᠳᠡᠪᠢᠰᠬᠡᠷᠯᠡᠵᠦ ᠴᠢᠳᠠᠨ᠎ᠠ ᠃ ᠨᠡᠩ ᠣᠯᠠᠨ ᠵᠠᠳᠠᠭᠠᠢ ᠰᠢᠯᠦᠭ ᠦ᠋ᠨ ᠳᠡᠯᠪᠢ ᠥᠩᠭᠡ ᠮᠢᠷᠠᠯᠵᠠᠨ ᠳᠡᠯᠭᠡᠷᠡᠵᠦ ᠂ ᠲᠦᠮᠡᠨ ᠭᠠᠵᠠᠷ ᠤ᠋ᠨ ᠬᠢᠵᠠᠭᠠᠷ ᠨᠤᠲᠤᠭ ᠢ᠋ᠶ᠋ᠠᠨ ᠰᠡᠳᠬᠢᠯ ᠬᠥᠭᠵᠢᠲᠡᠯᠡ ᠴᠢᠮᠡᠵᠦ ᠂ ᠴᠡᠭᠡᠵᠢ ᠳᠠᠨᠠᠢᠲᠠᠯᠠ ᠤᠷᠠᠯᠠᠬᠤ ᠶ᠋ᠢ ᠬᠦᠰᠡᠨ ᠪᠠᠢᠨᠠᠮ !
ᠯᠧᠨᠢᠨ ᠪᠢᠳᠡᠨ ᠢ᠋ ᠄ ᠰᠤᠷ ᠂ ᠰᠤᠷ ᠂ ᠪᠠᠰᠠ ᠳᠠᠬᠢᠨ ᠰᠤᠷ ᠭᠡᠵᠦ ᠰᠤᠷᠭᠠᠭᠰᠠᠨ ᠶᠤᠮ ᠃ ᠪᠢ ᠳᠡᠭᠡᠷ᠎ᠡ ᠨᠢ ᠲᠠᠪᠰᠢᠭᠠᠳ ᠬᠦᠰᠡᠬᠦ ᠨᠢ ᠄ ᠴᠢᠷᠮᠠᠢ ᠂ ᠴᠢᠷᠮᠠᠢ ᠂ ᠪᠠᠰᠠ ᠳᠠᠬᠢᠨ ᠴᠢᠷᠮᠠᠢ !