ᠡᠴᠢᠭᠡ ᠳᠦᠰᠢᠭ ᠠᠬ᠎ᠠ ( ᠣᠷᠱᠤᠨ ᠭᠣᠣᠯ ) - ᠦᠭᠡ : ᠭᠠ‍ ᠂ ᠨᠤᠷᠪᠤ ᠂ ᠠᠶ᠎ᠠ ᠄ ᠰᠠᠶ᠋ᠢᠨᠴᠤᠭᠲᠤ Эцэг түшиг ах ( Оршин гол ) – Үг : Г᠂ Норов ᠂ Ая ᠄ Сайнцогт ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠴᠢᠭᠡ ᠳᠦᠰᠢᠭ ᠠᠬ᠎ᠠ ( ᠣᠷᠱᠤᠨ ᠭᠣᠣᠯ ) - ᠦᠭᠡ : ᠭᠠ‍ ᠂ ᠨᠤᠷᠪᠤ ᠂ ᠠᠶ᠎ᠠ ᠄ ᠰᠠᠶ᠋ᠢᠨᠴᠤᠭᠲᠤ Эцэг түшиг ах ( Оршин гол ) – Үг : Г᠂ Норов ᠂ Ая ᠄ Сайнцогт

ᠡᠴᠢᠭᠡ ᠳᠦᠰᠢᠭ ᠠᠬ᠎ᠠ ( ᠣᠷᠱᠤᠨ ᠭᠣᠣᠯ ) - ᠦᠭᠡ : ᠭᠠ‍ ᠂ ᠨᠤᠷᠪᠤ ᠂ ᠠᠶ᠎ᠠ ᠄ ᠰᠠᠶ᠋ᠢᠨᠴᠤᠭᠲᠤ Эцэг түшиг ах ( Оршин гол ) – Үг : Г᠂ Норов ᠂ Ая ᠄ Сайнцогт

ᠠᠩᠭᠢᠯᠠᠯ:ᠳᠠᠭᠤᠤ ᠬᠥᠭᠵᠢᠮ
2023-05-10

246

ᠡᠴᠢᠭᠡ ᠳᠦᠰᠢᠭ ᠠᠬ᠎ᠠ


            ᠦᠭᠡ  ᠄ ᠭᠠ‍ · ᠨᠣᠷᠪᠤ 
        ᠠᠶ᠎ᠠ ᠄ ᠰᠠᠶ᠋ᠢᠨᠴᠣᠭᠲᠣ 

 ᠵᠤᠯᠠᠢ ᠵᠤᠯᠠᠢ ᠪᠠᠨ ᠭᠢᠰᠬᠢᠵᠦ 
 ᠣᠷᠴᠢᠯᠠᠩ  ᠳ᠋ᠤ᠌ ᠵᠠᠶᠠᠭᠠᠭᠰᠠᠨ ᠠᠬ᠎ᠠ ᠮᠢᠨᠢ ᠡ ᠂ 
 ᠵᠣᠨ ᠲᠦᠮᠡᠨ ᠪ ᠪᠡᠨ ᠳᠤᠮᠳᠠ 
 ᠣᠨᠲᠣᠷᠣᠨ ᠳᠦᠰᠢᠯᠴᠡᠭᠰᠡᠨ ᠠᠬ᠎ᠠ ᠮᠢᠨᠢ ᠠ᠋ ᠃ 
 ᠢᠨᠠᠭ ᠬᠠᠶ᠋ᠢᠷᠠᠲᠤ ᠠᠬ᠎ᠠ ᠲᠠ ᠮᠢᠨᠢ 
 ᠨᠠᠮᠠᠢ᠍ᠢ ᠪᠠᠨ ᠪᠦᠪᠡᠢᠯᠡᠭᠰᠡᠨ ᠠᠴᠢᠯᠠᠯᠲᠠᠢ ᠃ 

 ᠬᠠᠯᠠᠭᠤᠨ ᠬᠦᠢᠲᠡᠨ ᠬᠣᠶᠠᠷ ᠲᠤ
 ᠬᠠᠯᠬᠠᠪᠴᠢ ᠪᠣᠯᠤᠭᠰᠠᠨ ᠠᠬ᠎ᠠ ᠮᠢᠨᠢ ᠂
 ᠠᠮᠢᠲᠤᠷᠠᠯ ᠦ᠋ᠨ ᠵᠦᠲᠡᠭᠦᠷᠢᠲᠦ ᠠᠶᠠᠨ ᠳ᠋ᠤ᠌
 ᠠᠷᠤ ᠳ᠋ᠠᠭᠠᠨ ᠡᠭᠦᠷᠦᠭᠰᠡᠨ ᠠᠬ᠎ᠠ ᠮᠢᠨᠢ ᠃
 ᠡᠯᠢᠭᠡᠰᠡᠭ ᠬᠦᠨᠲᠦᠲᠦ ᠠᠬ᠎ᠠ ᠮᠢᠨᠢ
 ᠡᠨᠡ ᠯᠡ ᠪᠡᠶ᠎ᠡ ᠶ᠋ᠢᠨ ᠲᠤᠯᠭᠠᠭᠤᠷᠢ ᠶᠤᠮ ᠃ 

 ᠡᠯᠢᠭᠡ ᠵᠢᠷᠦᠬᠡ ᠰᠢᠭ᠌ ᠬᠣᠯᠪᠣᠭᠠᠲᠠᠢ
 ᠡᠯᠪᠡᠷᠢᠯ ᠶᠡᠬᠡᠲᠦ ᠠᠬ᠎ᠠ ᠮᠢᠨᠢ ᠂
 ᠡᠷ᠎ᠡ ᠶ᠋ᠢᠨ ᠵᠡᠷᠭᠡ ᠳ᠋ᠤ᠌ ᠬᠦᠷᠭᠡᠭᠰᠡᠨ
 ᠡᠴᠢᠭᠡ ᠳᠦᠰᠢᠭ ᠠᠬ᠎ᠠ ᠮᠢᠨᠢ ᠃
 ᠬᠥᠭᠡᠷᠦᠬᠦᠢ ᠳᠡᠭᠦᠦ ᠪᠢᠲᠡᠨ ᠶ᠋ᠢᠡᠨ
 ᠬᠥᠮᠦᠵᠢᠭᠦᠯᠦᠨ ᠠᠰᠠᠷᠠᠭᠰᠠᠨ ᠭᠠᠪᠢᠶᠠᠲᠠᠢ ᠃

  ᠢᠷᠡᠯᠲᠡ ᠄
         ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ  ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ  ᠵᠣᠬᠢᠶᠠᠵᠤ ᠂  ᠷᠠᠪᠲᠠᠨ  ᠪ ᠠᠶ᠎ᠠ  ᠦ᠋ᠨ ᠬᠢᠨᠠᠯᠲᠠ ᠲᠠᠢ  ᠃1989 ᠣᠨ  ᠪ 8 ᠰᠠᠷ᠎ᠠ  ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ  ᠳ᠋ᠤ᠌  ᠠᠩᠬᠠᠲᠤᠭᠠᠷ ᠤᠲᠠᠬ᠋᠎ᠠ  ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ  ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
 
     ᠦᠰᠦᠭ ᠠᠮᠢᠯᠠᠭᠤᠯᠤᠭᠴᠢ ᠄   ᠪᠠᠶᠠᠷᠴᠡᠴᠡᠭ
     ᠦᠰᠦᠭ ᠬᠢᠨᠠᠭᠴᠢ ᠄  ᠪᠠᠶᠠᠷᠴᠡᠴᠡᠭ
                  2023 ᠣᠨ ᠪ 5 ᠰᠠᠷ᠎ᠠ ᠶ᠋ᠢᠨ 4  ᠤ ᠡᠲᠦᠷ