ᠠᠪᠤᠷᠭᠤ ᠱᠠᠩᠰᠢ - ᠲ ᠂ ᠭᠣᠮᠪᠣᠵᠠᠪ Аварга шанш - Т ᠂ Гомбожав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠪᠤᠷᠭᠤ ᠱᠠᠩᠰᠢ - ᠲ ᠂ ᠭᠣᠮᠪᠣᠵᠠᠪ Аварга шанш - Т ᠂ Гомбожав

ᠠᠪᠤᠷᠭᠤ ᠱᠠᠩᠰᠢ - ᠲ ᠂ ᠭᠣᠮᠪᠣᠵᠠᠪ Аварга шанш - Т ᠂ Гомбожав

2023-05-10

277

ᠠᠪᠤᠷᠭᠤ ᠱᠠᠩᠰᠢ


                 ᠲ᠂  ᠭᠣᠮᠪᠣᠵᠠᠪ 

        ᠨᠢᠭᠡ 
ᠲᠠ ᠪᠣᠯ ᠠᠪᠤᠷᠭᠤ ᠱᠠᠩᠰᠢ ᠪᠢᠯᠡ 
ᠲᠠᠯ᠎ᠠ ᠨᠤᠲᠤᠭ ‍ᠤᠨ ᠣᠩᠭᠣᠨ ᠰᠠᠨᠠᠭᠠᠨ ‍ᠤ ᠤᠷᠭᠤᠭ᠎ᠠ ᠠᠮᠢᠰᠬᠤᠯ ᠪᠢᠯᠡ ᠡ 

        ᠬᠣᠶᠠᠷ 
ᠨᠠᠷᠠ ᠲᠠᠢ ᠢᠨᠠᠭᠯᠠᠬᠰᠠᠨ ᠮᠥᠷ ᠳᠡᠭᠡᠷ᠎ᠡ 
ᠪᠡᠨ ᠨᠠᠪᠴᠢᠯᠠᠵᠤ 
ᠨᠠᠮᠤᠷ ᠲᠤ᠌ ᠭᠤᠨᠢᠶᠠᠭᠰᠠᠨ ᠰᠡᠳᠭᠢᠯ ᠳᠡᠭᠡᠷ᠎ᠡ ᠪᠡᠨ ᠪᠤᠭᠤᠷᠤᠯᠰᠢᠨ ᠶᠠᠪᠤᠭᠰᠠᠨ  
ᠤᠨ ‍ᠤ ᠳᠥᠷᠪᠡᠨ ᠤᠯᠠᠷᠢᠯ ᠳᠡᠭᠡᠷᠡᠬᠢ 
ᠤᠶ᠋ᠢᠴᠢᠯ ᠪᠤᠰᠤᠯ ‍ᠤᠨ ᠴᠢᠨᠢ ᠲᠡᠤᠬᠡ 
ᠤᠩᠰᠢᠬᠤ ᠳᠣᠳᠣᠮ ᠤᠬᠠᠭᠠᠨ ‍ᠢ ᠢᠷᠯᠡᠬᠦ ᠪᠢᠯᠡᠭᠦᠦ ᠪᠣᠯᠵᠤ ᠪᠢᠯᠡ 

       ᠭᠤᠷᠪᠠ
ᠴᠠᠷᠴᠠᠳᠠᠰᠤ ᠥᠷᠥᠮᠳᠡᠨ ᠳᠣᠲᠣᠭᠰᠢᠯᠠᠬᠤ
ᠴᠢᠨᠦ ᠠᠮᠢᠨ ᠰᠤᠳᠠᠰᠤᠨ ᠳ᠋ᠤ᠌ ᠮᠠᠭᠮᠠᠨ ᠦᠶᠡᠷ ᠱᠤᠤᠭᠢᠨ᠎ᠠ
ᠣᠳᠣᠳ ᠲᠡᠮᠲᠡᠷᠢᠨ ᠥᠰᠬᠦ
ᠴᠢᠨᠦ ᠨᠠᠮᠠᠭᠠᠨ ‍ᠦ ᠦᠵᠦᠭᠦᠷ ᠲᠦ᠍ ᠡᠮᠵᠡᠭᠬᠡᠨ ᠰᠡᠳᠬᠡᠯ ᠰᠡᠷᠪᠡᠯᠵᠡᠨ᠎ᠡ 
ᠰᠡᠷᠢᠭᠦᠨ ᠪᠦᠰᠡ ᠶ᠋ᠢᠨ ᠴᠠᠭ ᠠᠭᠤᠷ ᠡ ! 

       ᠳᠥᠷᠪᠡ
ᠳᠥᠴᠢᠨ ᠵᠢᠯ ᠳ᠋ᠦ᠍ 
ᠲᠠ ᠲᠣᠩ ᠤᠯᠠᠨ ᠵᠣᠬᠢᠶᠠᠯ ᠤᠩᠰᠢᠯ᠎ᠠ
ᠪᠢ
ᠳᠥᠷᠥᠭᠡ ᠱᠦᠷᠭᠦᠭᠡᠮ᠎ᠡ ᠠᠯᠲᠠᠨ ᠰᠢᠷᠭᠠᠯ ᠨᠠᠪᠴᠢᠰ  ‍ᠤᠨ ᠴᠢᠨᠢ ᠳᠡᠭᠡᠷ᠎ᠡ  ᠡᠯᠢᠭᠡᠳᠡᠨ
ᠳᠦᠷᠡᠯᠵᠡᠮ᠎ᠡ ᠨᠤᠭᠤᠭᠠᠨ ᠮᠥᠴᠢᠷ ᠨᠠᠮᠠᠭᠠᠨ  ‍ᠤ ᠴᠢᠨᠢ ᠲᠥᠯᠥᠭᠡ 
ᠠᠯᠢᠪᠠ ᠪᠦᠬᠦᠨ ‍ᠤ ᠴᠢᠨᠢ ᠲᠥᠯᠥᠭᠡ
           ᠰᠡᠪ ᠰᠡᠮᠬᠡᠨ ᠁
ᠵᠥᠩᠨᠡᠯ ᠰᠢᠪᠡᠨᠡᠵᠦ ᠳᠣᠭᠳᠣᠯᠤᠯ᠎ᠠ ᠡ !
                  1988.8

 ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌ 
          <  ᠢᠷᠡᠬᠦ ᠵᠠᠭᠤᠨ ᠤ ᠬᠣᠩᠬᠣᠨ ᠳᠠᠭᠤᠨ > ᠎ ᠡᠴᠡ ᠬᠠᠭᠤᠯᠪᠠ᠃

     ᠦᠰᠦᠭ ᠠᠮᠢᠯᠠᠭᠤᠯᠤᠭᠰᠠᠨ ᠨᠢ ᠄ ᠴᠣᠯᠮᠣᠨᠲᠤᠶᠠᠭ᠎ᠠ 
                2023 ᠂ 5 ᠂ 7  ᠪ ᠡᠲᠦᠷ