ᠪᠡᠴᠢᠨ ᠪᠠᠭᠰᠢ ᠬᠣᠬᠢᠮᠠᠢ ᠶ᠋ᠢᠨ ᠰᠢᠮᠨᠤ ᠶ᠋ᠢ ᠭᠤᠷᠪᠠᠨᠲᠠ ᠳᠠᠷᠤᠭᠰᠠᠨ ᠨᠢ( ᠬᠡᠯᠡ ᠪᠢᠴᠢᠭ – ᠶᠢᠰᠦᠳᠦᠭᠡᠷ ᠳᠡᠪᠲᠡᠷ) Бичин багш хохимойн шуламыг гурвантаа дарсан нь( Хэл бичиг – Есдүгээр дэвтэр)
ᠪᠡᠴᠢᠨ ᠪᠠᠭᠰᠢ ᠬᠣᠬᠢᠮᠠᠢ ᠶ᠋ᠢᠨ ᠰᠢᠮᠨᠤ ᠶ᠋ᠢ ᠭᠤᠷᠪᠠᠨᠲᠠ ᠳᠠᠷᠤᠭᠰᠠᠨ ᠨᠢ
ᠨᠢᠭᠡᠨ ᠡᠳᠦᠷ ᠲᠠᠩᠰᠤᠭ ᠯᠠᠮᠠ ᠪᠡᠴᠢᠨ᠂ ᠭᠠᠬᠠᠢ ᠪᠣᠯᠤᠨ ᠰᠢᠷᠣᠢ ᠶ᠋ᠢ ᠳᠠᠭᠠᠭᠤᠯᠤᠨ ᠶᠠᠪᠤᠭᠰᠠᠭᠠᠷ ᠨᠢᠭᠡᠨ ᠥᠨᠳᠥᠷ ᠠᠭᠤᠯᠠᠨ ᠤ᠋ ᠡᠮᠦᠨ᠎ᠡ ᠬᠦᠷᠴᠦ ᠢᠷᠡᠪᠡ᠃ ᠦᠵᠡᠪᠡᠰᠦ ᠡᠨᠡ ᠠᠭᠤᠯᠠ ᠲᠩᠷᠢ ᠲᠤᠯᠤᠮ᠎ᠠ ᠰᠡᠬᠦᠶ᠋ᠢᠨ ᠰᠦᠨᠳᠡᠷᠯᠡᠵᠦ᠂ ᠪᠡᠷᠬᠡ ᠪᠠᠷᠲᠠᠭ᠎ᠠ ᠲᠦᠮᠡᠨ ᠳᠠᠪᠬᠤᠷ᠃ ᠡᠨᠡ ᠠᠭᠤᠯᠠᠨ ᠳ᠋ᠤᠷ ᠤᠯᠠᠷᠢᠵᠤ ᠬᠤᠪᠢᠷᠠᠬᠤ ᠳ᠋ᠠᠭᠠᠨ ᠴᠢᠳᠠᠮᠠᠭᠠᠢ᠂ ᠠᠷᠭ᠎ᠠ ᠮᠡᠬᠡ ᠣᠯᠠᠨ᠂ ᠠᠮᠢᠲᠠᠨ ᠣᠯᠠᠨ ᠊ᠢ ᠬᠣᠣᠷᠯᠠᠳᠠᠭ ᠨᠢᠭᠡᠨ ᠬᠣᠬᠢᠮᠠᠢ ᠶ᠋ᠢᠨ ᠰᠢᠮᠨᠤ ᠪᠣᠢ ᠠᠵᠤᠭᠤ᠃
ᠲᠠᠩᠰᠤᠭ ᠯᠠᠮᠠ ᠶ᠋ᠢ ᠢᠳᠡᠰᠦᠭᠡᠢ ᠭᠡᠮᠡᠨ ᠬᠣᠬᠢᠮᠠᠢ ᠶ᠋ᠢᠨ ᠰᠢᠮᠨᠤ ᠨᠢᠭᠡᠨ ᠵᠠᠯᠠᠭᠤ ᠥᠬᠢᠨ ᠬᠤᠪᠢᠯᠵᠤ᠂ ᠠᠭᠤᠯᠠᠨ ᠠ᠋ᠴᠠ ᠪᠠᠭᠤᠵᠤ ᠲᠠᠩᠰᠤᠭ ᠯᠠᠮᠠ ᠶ᠋ᠢ ᠥᠳᠥᠭᠡᠪᠡ᠃ ᠲᠡᠷᠡ ᠬᠤᠸᠠᠷ ᠲᠠᠢ ᠬᠤᠪᠴᠠᠰᠤ ᠡᠮᠦᠰᠴᠦ᠂ ᠬᠠᠯᠠᠭᠤᠨ ᠠᠭᠤᠷ ᠪᠠᠭᠠᠭᠢᠭᠰᠠᠨ ᠨᠢᠭᠡ ᠰᠠᠭᠰᠤ ᠮᠠᠨᠲᠠᠤ ᠲᠣᠬᠣᠶ᠋ᠢᠯᠠᠵᠤ᠂ ᠲᠠᠩᠰᠤᠭ ᠯᠠᠮᠠ ᠶ᠋ᠢᠨ ᠵᠦᠭ ᠢᠨᠢᠶᠡᠭᠰᠡᠭᠡᠷ ᠢᠷᠡᠪᠡ᠃ ᠪᠡᠴᠢᠨ ᠪᠠᠭᠰᠢ ᠰᠢᠮᠨᠤ ᠶ᠋ᠢᠨ ᠦᠨᠦᠷ ᠊ᠢ ᠦᠨᠦᠷᠲᠡᠨ ᠮᠡᠳᠡᠵᠦ᠂ ᠲᠡᠭᠦᠨ ᠦ᠌ ᠡᠷᠳᠡᠨᠢ ᠶ᠋ᠢᠨ ᠨᠢᠳᠦᠨ ᠳ᠋ᠦ᠍ᠷ ᠬᠣᠬᠢᠮᠠᠢ ᠶ᠋ᠢᠨ ᠰᠢᠮᠨᠤ ᠶ᠋ᠢᠨ ᠤᠭ ᠳᠦᠷᠰᠦ ᠲᠠᠨᠢᠭᠳᠠᠪᠠ᠃《 ᠶᠠᠮᠪᠠᠷ ᠪᠦᠳᠦᠭᠦᠨ ᠵᠢᠷᠦᠬᠡ ᠲᠡᠢ ᠰᠢᠮᠨᠤ ᠠᠵᠤᠭᠤ ! 》ᠭᠡᠮᠡᠨ ᠪᠡᠴᠢᠨ ᠪᠠᠭᠰᠢ ᠶᠡᠬᠡ ᠳᠠᠭᠤᠨ ᠢ᠋ᠶ᠋ᠠᠷ ᠵᠠᠩᠳᠤᠷᠴᠤ᠂ ᠪᠣᠯᠣᠳ ᠪᠠᠷᠢᠶ᠎ᠠ ᠳᠠᠯᠠᠶ᠋ᠢᠵᠤ ᠬᠣᠬᠢᠮᠠᠢ ᠶ᠋ᠢᠨ ᠰᠢᠮᠨᠤ ᠶ᠋ᠢᠨ ᠲᠡᠷᠢᠭᠦᠨ ᠊ᠢ ᠪᠠᠷᠢᠨ ᠵᠠᠨᠴᠢᠪᠠ᠃ ᠫᠠᠰ ᠬᠢᠬᠦ ᠳᠠᠭᠤᠨ ᠭᠠᠷᠴᠤ ᠥᠨᠥᠬᠢ ᠥᠬᠢᠨ ᠢᠨᠤ ᠭᠠᠵᠠᠷ ᠲᠤᠷ ᠰᠠᠪᠠᠨ ᠤᠨᠠᠵᠤ ᠦᠬᠦᠪᠡᠢ᠃ ᠭᠡᠲᠡᠯ᠎ᠡ ᠬᠣᠬᠢᠮᠠᠢ ᠶ᠋ᠢᠨ ᠰᠢᠮᠨᠤ ᠦᠬᠦᠭᠰᠡᠨ ᠦᠭᠡᠢ᠂ ᠲᠡᠭᠦᠨ ᠦ᠌ ᠪᠤᠲᠠ ᠪᠡᠶ᠎ᠡ ᠨᠢ ᠨᠢᠭᠡ ᠵᠤᠷᠪᠤᠰ ᠤᠲᠤᠭ᠎ᠠ ᠪᠣᠯᠤᠨ ᠬᠤᠪᠢᠷᠠᠵᠤ ᠳᠤᠲᠠᠭᠠᠪᠠ᠃ ᠪᠡᠴᠢᠨ ᠪᠠᠭᠰᠢ ᠲᠡᠭᠦᠨ ᠦ᠌ ᠮᠡᠬᠡᠲᠦ ᠠᠷᠭ᠎ᠠ ᠶ᠋ᠢ ᠮᠡᠳᠡᠭᠡᠳ ᠬᠣᠶ᠋ᠢᠨ᠎ᠠ ᠠ᠋ᠴᠠ ᠨᠡᠬᠡᠰᠦᠭᠡᠢ ᠭᠡᠲᠡᠯ᠎ᠡ ᠲᠠᠩᠰᠤᠭ ᠯᠠᠮᠠ ᠭᠠᠷ ᠠ᠋ᠴᠠ ᠲᠡᠳᠡᠨ ᠬᠣᠷᠢᠭᠯᠠᠵᠤ᠂ ᠰᠠᠢᠨ ᠬᠥᠮᠦᠨ ᠊ᠢ ᠠᠯᠠᠪᠠ ᠭᠡᠮᠡᠨ ᠵᠢᠮᠡᠯᠡᠪᠡ᠃
ᠳᠡᠮᠡᠢ ᠤᠳᠠᠭᠰᠠᠨ ᠦᠭᠡᠢ᠂ ᠠᠭᠤᠯᠠ ᠶ᠋ᠢᠨ ᠠᠷᠤ ᠠ᠋ᠴᠠ ᠨᠢᠭᠡᠨ ᠡᠮᠡᠭᠡᠨ ᠲᠠᠶᠠᠭ ᠲᠤᠯᠵᠤ᠂ ᠥᠬᠢᠨ ᠮᠢᠨᠢ ᠠ᠋ ! ᠭᠡᠵᠦ ᠭᠠᠰᠠᠯᠤᠭᠰᠠᠭᠠᠷ ᠭᠠᠷᠴᠤ ᠢᠷᠡᠪᠡ᠃ ᠡᠨᠡ ᠦᠶ᠎ᠡ ᠳ᠋ᠦ᠍ ᠪᠡᠴᠢᠨ ᠪᠠᠭᠰᠢ ᠡᠮᠦᠨᠡᠰᠢ ᠠᠯᠬᠤᠵᠤ᠄ 《 ᠰᠢᠮᠨᠤ ᠴᠢ ᠪᠠᠰᠠ ᠬᠦᠷᠦᠭᠡᠳ ᠢᠷᠡᠪᠡ ᠦᠦ᠂ ᠰᠢᠳᠡᠮ ᠦᠵᠡ! 》 ᠭᠡᠮᠡᠨ ᠪᠣᠯᠣᠳ ᠪᠠᠷᠢᠶ᠎ᠠ ᠪᠠᠷ ᠵᠠᠨᠴᠢᠬᠤᠢ ᠳ᠋ᠤᠷ ᠲᠡᠷᠡ ᠡᠮᠡᠭᠡᠨ ᠭᠠᠵᠠᠷ ᠲᠤ᠌ ᠰᠠᠪᠠᠨ ᠤᠨᠠᠪᠠ᠃ ᠡᠨᠡ ᠪᠣᠯ ᠪᠠᠰᠠ ᠴᠤ᠌ ᠬᠣᠬᠢᠮᠠᠢ ᠶ᠋ᠢᠨ ᠰᠢᠮᠨᠤ ᠶ᠋ᠢᠨ ᠪᠡᠶ᠎ᠡ ᠮᠤᠯᠲᠤᠷᠠᠬᠤ ᠠᠷᠭ᠎ᠠ ᠮᠥᠨ᠂ ᠪᠤᠲᠠ ᠪᠡᠶ᠎ᠡ ᠨᠢ ᠬᠡᠵᠢᠶᠡᠨᠡᠢ ᠨᠢᠭᠡᠨ ᠵᠤᠷᠪᠤᠰ ᠴᠠᠭᠠᠨ ᠤᠲᠤᠭ᠎ᠠ ᠪᠣᠯᠤᠨ ᠳᠤᠲᠠᠭᠠᠵᠤᠬᠤᠢ᠃ ᠪᠡᠴᠢᠨ ᠪᠠᠭᠰᠢ ᠨᠡᠬᠡᠰᠦᠭᠡᠢ ᠭᠡᠲᠡᠯ᠎ᠡ ᠲᠠᠩᠰᠤᠭ ᠯᠠᠮᠠ ᠪᠠᠰᠠ ᠬᠣᠷᠢᠭᠯᠠᠪᠠ᠃ ᠲᠠᠩᠰᠤᠭ ᠯᠠᠮᠠ᠄《 ᠴᠢ ᠡᠬᠡ ᠥᠬᠢᠨ ᠬᠣᠶᠠᠭᠤᠯᠠ ᠶ᠋ᠢ ᠪᠦᠷ ᠠᠯᠠᠴᠢᠬᠠᠪᠠ᠂ ᠶᠣᠰᠣᠨ ᠳ᠋ᠤᠷ ᠨᠡᠶ᠋ᠢᠴᠡᠨᠡ ᠤᠤ? 》ᠭᠡᠮᠡᠨ ᠵᠠᠩᠳᠤᠷᠤᠭᠰᠠᠨ ᠳ᠋ᠤᠷ᠂ ᠪᠡᠴᠢᠨ ᠪᠠᠭᠰᠢ᠄《 ᠪᠠᠭᠰᠢ ᠲᠠ ᠮᠡᠬᠡᠯᠡᠭᠳᠡᠪᠡ᠂ ᠲᠡᠳᠡ ᠡᠬᠡ ᠥᠬᠢᠨ ᠪᠢᠰᠢ᠂ ᠪᠦᠷ ᠨᠢᠭᠡ ᠯᠡ ᠰᠢᠮᠨᠤ ᠮᠥᠨ ! 》ᠭᠡᠵᠦ ᠬᠠᠷᠢᠭᠤ ᠬᠡᠯᠡᠭᠰᠡᠨ ᠳ᠋ᠦ᠍ ᠲᠠᠩᠰᠤᠭ ᠯᠠᠮᠠ ᠦᠯᠦ ᠢᠲᠡᠭᠡᠨ᠎ᠡ᠃
ᠬᠣᠬᠢᠮᠠᠢ ᠶ᠋ᠢᠨ ᠰᠢᠮᠨᠤ ᠬᠣᠶᠠᠷ ᠤᠳᠠᠭ᠎ᠠ ᠪᠦᠷ ᠤᠭ ᠳᠦᠷᠰᠦ ᠪᠡᠨ ᠲᠠᠨᠢᠭᠳᠠᠵᠤ᠂ ᠠᠮᠢ ᠪᠠᠨ ᠴᠤ᠌ ᠡᠰᠡ ᠯᠡ ᠠᠯᠳᠠᠬᠤ ᠰᠢᠬᠠᠭᠰᠠᠨ ᠲᠤᠯᠠ ᠪᠡᠴᠢᠨ ᠪᠠᠭᠰᠢ ᠪᠠᠶ᠋ᠢᠬᠰᠠᠨ ᠴᠠᠭ ᠲᠤ᠌ ᠲᠠᠩᠰᠤᠭ ᠯᠠᠮᠠ ᠶ᠋ᠢ ᠢᠳᠡᠵᠦ ᠴᠢᠳᠠᠬᠤ ᠦᠭᠡᠢ ᠭᠡᠵᠦ ᠮᠡᠳᠡᠪᠡ᠃ ᠢᠩᠭᠢᠭᠡᠳ ᠲᠡᠷᠡ ᠳᠠᠬᠢᠨ ᠠᠷᠭ᠎ᠠ ᠬᠡᠷᠡᠭᠯᠡᠵᠦ᠂ ᠲᠠᠩᠰᠤᠭ ᠯᠠᠮᠠ ᠶ᠋ᠢ ᠥᠳᠥᠭᠡᠵᠦ᠂ ᠪᠡᠴᠢᠨ ᠊ᠢ ᠬᠥᠭᠡᠭᠡᠨ ᠶᠠᠪᠤᠭᠤᠯᠰᠤᠭᠠᠢ ᠭᠡᠵᠦ ᠪᠣᠳᠣᠪᠠ᠃
ᠬᠣᠬᠢᠮᠠᠢ ᠶ᠋ᠢᠨ ᠰᠢᠮᠨᠤ ᠨᠢᠭᠡᠨ ᠡᠪᠦᠭᠡᠨ ᠪᠣᠯᠤᠨ ᠬᠤᠪᠢᠯᠵᠤ ᠲᠠᠶᠠᠭ ᠲᠤᠯᠤᠭᠰᠠᠭᠠᠷ ᠲᠠᠩᠰᠤᠭ ᠯᠠᠮᠠ ᠶ᠋ᠢ ᠡᠷᠢᠷ᠎ᠡ ᠢᠷᠡᠪᠡ᠃ ᠪᠡᠴᠢᠨ ᠪᠠᠭᠰᠢ ᠪᠠᠰᠠ ᠲᠡᠭᠦᠨ ᠦ᠌ ᠤᠭ ᠳᠦᠷᠰᠦ ᠶ᠋ᠢ ᠲᠠᠨᠢᠵᠤ ᠄《 ᠠᠶᠤᠮᠰᠢᠭ ᠦᠭᠡᠢ ᠰᠢᠮᠨᠤ ᠴᠢ ᠬᠡᠳᠦᠢ ᠠᠷᠪᠢᠨ ᠠᠷᠭ᠎ᠠ ᠬᠡᠷᠡᠭᠯᠡᠵᠦ᠂ ᠶᠠᠭᠠᠬᠢᠵᠤ ᠬᠤᠪᠢᠯᠤᠭᠰᠠᠨ ᠴᠤ᠌ ᠡᠴᠢᠭᠡ ᠪᠡᠨ ᠬᠠᠭᠤᠷᠴᠤ ᠦᠯᠦ ᠴᠢᠳᠠᠮᠤᠢ ! 》 ᠭᠡᠮᠡᠨ ᠵᠠᠩᠳᠤᠷᠴᠤ᠂ ᠪᠣᠯᠣᠳ ᠪᠠᠷᠢᠶ᠎ᠠ ᠪᠠᠨ ᠳᠠᠯᠠᠶ᠋ᠢᠨ ᠣᠷᠣᠪᠠ᠃ ᠲᠡᠷᠡ ᠡᠪᠦᠭᠡᠨ᠄《 ᠠᠮᠢ ᠠᠪᠤᠷᠠ ! ᠠᠮᠢ ᠠᠪᠤᠷᠠ ! 》 ᠭᠡᠮᠡᠨ ᠣᠷᠢᠯᠠᠭᠰᠠᠨ ᠳ᠋ᠤᠷ ᠲᠠᠩᠰᠤᠭ ᠯᠠᠮᠠ ᠶᠠᠭᠠᠷᠠᠨ ᠪᠡᠴᠢᠨ ᠊ᠢ ᠬᠣᠷᠢᠭᠯᠠᠪᠠ᠃ ᠲᠡᠷᠡ ᠡᠪᠦᠭᠡᠨ ᠪᠡᠴᠢᠨ ᠦ᠌ ᠡᠮᠦᠨ᠎ᠡ ᠢᠷᠡᠵᠦ᠄《 ᠴᠢ ᠮᠢᠨᠦ ᠬᠥᠭᠰᠢᠨ ᠪᠣᠯᠤᠨ ᠥᠬᠢᠨ ᠊ᠢ ᠴᠥᠮ ᠠᠯᠠᠴᠢᠬᠠᠭᠰᠠᠨ ᠪᠣᠯᠬᠣᠷ ᠪᠢ ᠪᠠᠰᠠ ᠬᠥᠭᠰᠢᠨ ᠠᠮᠢ ᠪᠠᠨ ᠴᠦᠯᠡᠵᠦ᠂ ᠴᠢᠮ᠎ᠠ ᠲᠠᠢ ᠳᠡᠭᠡᠷ᠎ᠡ ᠳᠣᠣᠷ᠎ᠠ ᠪᠠᠨ ᠦᠵᠡᠯᠴᠡᠶ᠎ᠡ ! 》ᠭᠡᠵᠦ ᠪᠡᠴᠢᠨ ᠪᠠᠭᠰᠢ ᠶ᠋ᠢ ᠥᠳᠥᠭᠡᠪᠡ᠃ ᠡᠭᠦᠨ ᠳ᠋ᠦ᠍ ᠪᠡᠴᠢᠨ ᠪᠠᠭᠰᠢ ᠴᠡᠭᠡᠵᠢ ᠪᠡᠨ ᠳᠡᠯᠪᠡᠷᠡᠲᠡᠯ᠎ᠡ ᠠᠭᠤᠷᠯᠠᠵᠤ᠄《 ᠴᠢ ᠶᠠᠭᠠᠬᠢᠵᠤ ᠬᠤᠪᠢᠯᠤᠭᠰᠠᠨ ᠴᠤ᠌ ᠤᠭ ᠳᠦᠷᠰᠦ ᠴᠢᠨᠢ ᠲᠠᠨᠢᠭᠳᠠᠬᠤ ᠶᠤᠮ ! 》 ᠭᠡᠵᠦ ᠵᠠᠩᠳᠤᠷᠤᠨ ᠬᠡᠯᠡᠭᠡᠳ ᠪᠣᠯᠣᠳ ᠪᠠᠷᠢᠶ᠎ᠠ ᠳᠠᠯᠠᠶ᠋ᠢᠨ ᠵᠠᠨᠴᠢᠰᠤᠭᠠᠢ ᠭᠡᠪᠡ᠃ ᠲᠠᠩᠰᠤᠭ ᠯᠠᠮᠠ ᠲᠡᠷᠡ ᠡᠪᠦᠭᠡᠨ ᠊ᠢ ᠬᠠᠮᠠᠭᠠᠯᠠᠵᠤ᠄《 ᠬᠥᠮᠦᠨ ᠬᠡᠮᠡᠭᠴᠢ ᠨᠢᠭᠦᠯᠡᠰᠬᠦᠢ ᠰᠡᠳᠬᠢᠯ ᠊ᠢ ᠰᠢᠲᠦᠮᠦᠢ᠂ ᠰᠢᠮᠨᠤ ᠶ᠋ᠢ ᠪᠣᠯᠪᠠᠴᠤ ᠲᠡᠭᠦᠨ ᠊ᠢ ᠢᠳᠬᠠᠨ ᠰᠠᠢᠨ ᠵᠦᠭ ᠲᠦ᠍ᠷ ᠣᠷᠣᠭᠤᠯᠪᠠᠰᠤ ᠵᠣᠬᠢᠨ᠎ᠠ᠂ ᠬᠡᠷᠬᠢᠨ ᠠᠯᠠᠵᠤ ᠪᠣᠯᠬᠤ ᠪᠣᠢ? 》 ᠭᠡᠵᠦ ᠴᠢᠷᠠᠢ ᠲᠠᠯᠪᠢᠨ ᠬᠡᠯᠡᠨ᠎ᠡ᠃ ᠪᠡᠴᠢᠨ ᠪᠠᠭᠰᠢ᠄ 《 ᠰᠢᠮᠨᠤ ᠬᠥᠮᠦᠨ ᠢᠳᠡᠬᠦ ᠵᠠᠩ ᠢ᠋ᠶ᠋ᠠᠨ ᠭᠡᠭᠡᠬᠦ ᠦᠭᠡᠢ ᠶᠦ᠍ᠮ᠂ ᠠᠪᠤᠷᠠᠯ᠎ᠠ ᠭᠡᠳ ᠴᠢᠮ᠎ᠠ ᠶ᠋ᠢ ᠶᠠᠭᠠᠬᠢᠭᠰᠠᠨ ᠴᠤ᠌ ᠦᠷᠦ ᠡᠪᠡᠳᠬᠦ ᠦᠭᠡᠢ ᠶᠦ᠍ᠮ᠂ ᠴᠢᠳᠬᠥᠷ ᠰᠢᠮᠨᠤ ᠶ᠋ᠢ ᠡᠨᠡᠷᠢᠵᠦ ᠶᠠᠭᠠᠬᠢᠵᠤ ᠪᠣᠯᠬᠤ ᠪᠣᠢ ! 》 ᠭᠡᠵᠦ ᠬᠡᠯᠡᠪᠡ᠃ ᠲᠡᠷᠡ ᠰᠢᠮᠨᠤ ᠪᠠᠰᠠ ᠴᠠᠯᠴᠢᠰᠤᠭᠠᠢ ᠭᠡᠲᠡᠯ᠎ᠡ ᠪᠡᠴᠢᠨ ᠪᠠᠭᠰᠢ ᠬᠡᠵᠢᠶᠡᠨᠡᠢ ᠠᠭᠤᠷ ᠢ᠋ᠶ᠋ᠠᠨ ᠳᠠᠷᠤᠨ ᠶᠠᠳᠠᠵᠤ᠂ ᠲᠠᠩᠰᠤᠭ ᠠ᠋ᠴᠠ ᠪᠡᠶ᠎ᠡ ᠮᠤᠯᠲᠤᠷᠠᠨ᠂ ᠲᠡᠷᠡ ᠡᠪᠦᠭᠡᠨ ᠊ᠢ ᠠᠭᠤᠯᠠ ᠶ᠋ᠢᠨ ᠵᠡᠪᠡ ᠤᠷᠤᠭᠤ ᠵᠠᠨᠴᠢᠨ ᠤᠨᠠᠭᠠᠪᠠ᠃ ᠪᠡᠴᠢᠨ ᠪᠠᠭᠰᠢ ᠨᠡᠬᠡᠰᠦᠭᠡᠢ ᠭᠡᠲᠡᠯ᠎ᠡ ᠲᠠᠩᠰᠤᠭ ᠯᠠᠮᠠ ᠪᠠᠰᠠ ᠬᠣᠷᠢᠭᠯᠠᠭᠰᠠᠨ ᠪᠣᠯᠬᠣᠷ ᠲᠡᠷᠡ ᠰᠢᠮᠨᠤ ᠳᠤᠲᠠᠭᠠᠨ ᠵᠠᠪᠳᠤᠪᠠ᠃
ᠲᠠᠩᠰᠤᠭ ᠯᠠᠮᠠ ᠰᠢᠮᠨᠤ ᠶ᠋ᠢ ᠲᠠᠨᠢᠬᠤ ᠦᠭᠡᠢ ᠮᠥᠷᠲᠡᠭᠡᠨ ᠰᠢᠮᠨᠤ ᠶ᠋ᠢ ᠠᠯᠠᠬᠤ ᠶ᠋ᠢ ᠴᠦ᠍ ᠵᠥᠪᠰᠢᠶᠡᠷᠡᠬᠦ ᠦᠭᠡᠢ᠂ ᠡᠴᠦᠰ ᠲᠡᠭᠡᠨ ᠰᠢᠮᠨᠤ ᠲᠠᠢ ᠡᠷᠡᠯᠬᠡᠭ ᠲᠡᠮᠡᠴᠡᠳᠡᠭ ᠪᠡᠴᠢᠨ ᠪᠠᠭᠰᠢ ᠶ᠋ᠢ ᠴᠡᠴᠡᠭ ᠵᠢᠮᠢᠰ ᠦ᠋ᠨ ᠠᠭᠤᠯᠠᠨ ᠳ᠋ᠤᠨᠢ ᠬᠥᠭᠡᠭᠡᠨ ᠶᠠᠪᠤᠭᠤᠯᠪᠠ᠃
ᠪᠡᠴᠢᠨ ᠪᠠᠭᠰᠢ ᠶᠠᠪᠤᠭᠰᠠᠨ ᠤ᠋ ᠬᠣᠶ᠋ᠢᠨ᠎ᠠ ᠬᠣᠬᠢᠮᠠᠢ ᠶ᠋ᠢᠨ ᠰᠢᠮᠨᠤ ᠠᠪ ᠠᠮᠠᠷᠬᠠᠨ ᠢ᠋ᠶ᠋ᠠᠷ ᠲᠠᠩᠰᠤᠭ ᠪᠠᠭᠰᠢ ᠱᠠᠪᠢ ᠨᠠᠷ ᠊ᠢ ᠠᠭᠤᠢ ᠳ᠋ᠠᠭᠠᠨ ᠪᠠᠷᠢᠨ ᠠᠪᠴᠢᠷᠠᠵᠤ᠂ ᠪᠢᠴᠢᠬᠠᠨ ᠰᠢᠮᠨᠤ ᠪᠠᠨ ᠵᠠᠷᠤᠵᠤ᠂ ᠡᠬᠡ ᠪᠡᠨ ᠵᠠᠯᠠᠭᠤᠯᠵᠤ᠂ ᠲᠠᠩᠰᠤᠭ ᠤ᠋ᠨ ᠮᠢᠬ᠎ᠠ ᠶ᠋ᠢ ᠬᠠᠮᠲᠤ ᠢᠳᠡᠰᠦᠭᠡᠢ ᠭᠡᠪᠡ᠃
ᠭᠠᠬᠠᠢ ᠪᠠᠭᠰᠢ ᠴᠢᠳᠠᠯ ᠮᠡᠬᠦᠰᠳᠡᠵᠦ ᠠᠭᠤᠢ ᠠ᠋ᠴᠠ ᠳᠤᠲᠠᠭᠠᠨ ᠭᠠᠷᠴᠤ᠂ ᠨᠣᠮ ᠤ᠋ᠨ ᠠᠬ᠎ᠠ ᠪᠡᠴᠢᠨ ᠊ᠢ ᠵᠠᠯᠠᠨ ᠠᠪᠴᠢᠷᠠᠵᠤ᠂ ᠪᠠᠭᠰᠢ ᠪᠠᠨ ᠠᠪᠤᠷᠠᠨ ᠭᠠᠷᠭᠠᠰᠤᠭᠠᠢ ᠭᠡᠮᠡᠨ ᠴᠡᠴᠡᠭ ᠵᠢᠮᠢᠰ ᠦ᠋ᠨ ᠠᠭᠤᠯᠠ ᠶ᠋ᠢ ᠰᠢᠭᠤᠳ ᠴᠢᠭᠯᠡᠨ ᠶᠠᠪᠤᠪᠠ᠃
ᠪᠡᠴᠢᠨ ᠪᠠᠭᠰᠢ ᠴᠡᠴᠡᠭ ᠵᠢᠮᠢᠰ ᠦ᠋ᠨ ᠠᠭᠤᠯᠠᠨ ᠳ᠋ᠠᠭᠠᠨ ᠢᠷᠡᠭᠰᠡᠨ ᠤ᠋ ᠳᠠᠷᠠᠭ᠎ᠠ ᠰᠢᠮᠨᠤ ᠶ᠋ᠢ ᠠᠯᠠᠵᠤ ᠴᠢᠳᠠᠭᠰᠠᠨ ᠦᠭᠡᠢ ᠳ᠋ᠡᠭᠡᠨ ᠳᠣᠲᠣᠷ᠎ᠠ ᠨᠢ ᠶᠡᠷᠦ ᠠᠮᠤᠷ ᠦᠭᠡᠢ ᠪᠠᠶ᠋ᠢᠪᠠ᠃ ᠡᠳᠦᠭᠡ ᠮᠠᠭᠤ ᠰᠢᠮᠨᠤ ᠪᠠᠰᠠ ᠲᠦᠢᠳᠴᠦ ᠪᠠᠶ᠋ᠢᠬᠤ ᠶ᠋ᠢ ᠰᠣᠨᠣᠰᠤᠮᠠᠭᠴᠠ ᠰᠢᠮᠨᠤ ᠶ᠋ᠢᠨ ᠠᠭᠤᠢ ᠶ᠋ᠢ ᠴᠢᠭᠯᠡᠨ ᠣᠳᠪᠠ᠃ ᠰᠢᠮᠨᠤ ᠶ᠋ᠢᠨ ᠠᠭᠤᠢ ᠳ᠋ᠤ᠌ ᠣᠶ᠋ᠢᠷᠠᠲᠤᠭᠠᠳ ᠥᠨᠥᠬᠢ ᠬᠥᠭᠰᠢᠨ ᠰᠢᠮᠨᠤ — ᠬᠣᠬᠢᠮᠠᠢ ᠶ᠋ᠢᠨ ᠰᠢᠮᠨᠤ ᠶ᠋ᠢᠨ ᠡᠬᠡ ᠲᠡᠢ ᠤᠴᠠᠷᠠᠪᠠ᠃ ᠪᠡᠴᠢᠨ ᠪᠠᠭᠰᠢ ᠲᠡᠷᠡ ᠳᠣᠣᠷ᠎ᠠ ᠨᠢ ᠬᠥᠭᠰᠢᠨ ᠰᠢᠮᠨᠤ ᠶ᠋ᠢ ᠵᠠᠨᠴᠢᠨ ᠠᠯᠠᠭᠠᠳ ᠥᠪᠡᠷ ᠢ᠋ᠶ᠋ᠡᠨ ᠲᠡᠭᠦᠨ ᠦ᠌ ᠳᠦᠷᠢ ᠪᠡᠷ ᠬᠤᠪᠢᠯᠵᠤ᠂ ᠠᠷᠭ᠎ᠠ ᠬᠡᠷᠡᠭᠯᠡᠨ ᠬᠣᠬᠢᠮᠠᠢ ᠶ᠋ᠢᠨ ᠰᠢᠮᠨᠤ ᠶ᠋ᠢᠨ ᠠᠷᠭ᠎ᠠ ᠮᠡᠬᠡ ᠶ᠋ᠢ ᠢᠯᠡᠴᠢᠯᠡᠵᠦ᠂ ᠲᠠᠩᠰᠤᠭ ᠯᠠᠮᠠ ᠶ᠋ᠢ ᠰᠡᠩᠬᠡᠷᠡᠭᠦᠯᠰᠦᠭᠡᠢ ᠭᠡᠮᠡᠨ ᠪᠣᠳᠣᠪᠠ᠃
《 ᠬᠥᠭᠰᠢᠨ ᠰᠢᠮᠨᠤ 》ᠠᠭᠤᠢ ᠶ᠋ᠢᠨ ᠡᠭᠦᠳᠡ ᠶ᠋ᠢ ᠠᠯᠬᠤᠨ ᠣᠷᠣᠬᠤ ᠳ᠋ᠤ᠌ ᠬᠣᠬᠢᠮᠠᠢ ᠶ᠋ᠢᠨ ᠰᠢᠮᠨᠤ ᠣᠯᠠᠨ ᠢ᠋ᠶ᠋ᠠᠨ ᠳᠠᠭᠠᠭᠤᠯᠤᠨ ᠤᠭᠲᠤᠨ ᠠᠪᠤᠪᠠ᠃《 ᠬᠥᠭᠰᠢᠨ ᠰᠢᠮᠨᠤ 》 ᠲᠠᠩᠰᠤᠭ ᠯᠠᠮᠠ ᠶ᠋ᠢᠨ ᠡᠮᠦᠨ᠎ᠡ ᠬᠦᠷᠴᠦ ᠨᠢᠳᠦ ᠪᠡᠨ ᠰᠡᠶ᠋ᠢᠮᠡᠶ᠋ᠢᠯᠭᠡᠨ᠄《 ᠴᠢ ᠴᠢᠨᠢ ᠲᠠᠩᠰᠤᠭ ᠯᠠᠮᠠ ᠮᠥᠨ ᠦᠦ? ᠱᠠᠪᠢ ᠪᠡᠴᠢᠨ ᠴᠢᠨᠢ ᠶᠠᠭᠠᠬᠢᠪᠠ ? 》 ᠭᠡᠵᠦ ᠠᠰᠠᠭᠤᠪᠠ᠃ ᠲᠠᠩᠰᠤᠭ ᠯᠠᠮᠠ᠄《 ᠲᠡᠷᠡ ᠨᠢᠭᠡ ᠯᠡ ᠡᠳᠦᠷ ᠦ᠋ᠨ ᠳᠣᠲᠣᠷ᠎ᠠ ᠭᠤᠷᠪᠠᠨ ᠰᠠᠢᠨ ᠬᠥᠮᠦᠨ ᠊ᠢ ᠵᠠᠨᠴᠢᠨ ᠠᠯᠠᠭᠰᠠᠨ ᠪᠣᠯᠬᠣᠷ ᠪᠢ ᠬᠥᠭᠡᠭᠡᠨ ᠶᠠᠪᠤᠭᠤᠯᠪᠠ 》ᠭᠡᠵᠦ ᠰᠡᠭᠦᠷᠡᠰᠦ ᠠᠯᠲᠠᠨ ᠬᠡᠯᠡᠨ᠎ᠡ᠃ ᠡᠭᠦᠨ ᠳ᠋ᠦ᠍ ᠬᠣᠬᠢᠮᠠᠢ ᠶ᠋ᠢᠨ ᠰᠢᠮᠨᠤ ᠬᠠᠳᠠᠭᠠᠨᠠᠲᠠᠯ᠎ᠠ ᠢᠨᠢᠶᠡᠵᠦ᠄《 ᠡᠬᠡ ᠠ᠋ ! ᠬᠡᠦᠬᠡᠨ ᠴᠢᠨᠢ ᠪᠢ ᠭᠤᠷᠪᠠ ᠤᠳᠠᠭ᠎ᠠ ᠠᠷᠭ᠎ᠠ ᠬᠡᠷᠡᠭᠯᠡᠵᠦ ᠪᠠᠶ᠋ᠢᠭᠠᠳ ᠪᠡᠴᠢᠨ ᠊ᠢ ᠬᠥᠭᠡᠭᠡᠨ ᠶᠠᠪᠤᠭᠤᠯᠪᠠ 》ᠭᠡᠵᠦ ᠬᠡᠯᠡᠨ᠎ᠡ᠃《 ᠬᠥᠭᠰᠢᠨ ᠰᠢᠮᠨᠤ 》᠄《 ᠥᠬᠢᠨ ᠴᠢ ᠶᠠᠮᠠᠷ ᠠᠷᠭ᠎ᠠ ᠬᠡᠷᠡᠭᠯᠡᠭᠰᠡᠨ ᠪᠣᠢ? ᠡᠲᠡᠨᠦᠰᠡ ᠮᠡᠳᠡᠭᠰᠡᠨ ᠦᠦ ᠦᠭᠡᠢ ᠦᠦ? 》ᠭᠡᠵᠦ ᠰᠣᠴᠢᠭᠰᠠᠨ ᠮᠠᠶᠢᠬ ᠲᠠᠢ ᠠᠰᠠᠭᠤᠪᠠ᠃ ᠬᠣᠬᠢᠮᠠᠢ ᠶ᠋ᠢᠨ ᠰᠢᠮᠨᠤ ᠶᠡᠬᠡ ᠯᠡ ᠣᠮᠣᠷᠬᠠᠭᠯᠠᠨ ᠠᠭᠠᠰᠢᠯᠠᠵᠤ《 ᠴᠢ ᠢᠲᠡᠭᠡᠬᠦ ᠦᠭᠡᠢ ᠪᠣᠯ ᠪᠢ ᠴᠢᠮ᠎ᠠ ᠳ᠋ᠤ᠌ ᠦᠵᠡᠭᠦᠯᠦᠶ᠎ᠡ 》ᠭᠡᠵᠦ ᠬᠡᠯᠡᠬᠦ ᠲᠡᠢ ᠵᠡᠷᠭᠡ ᠪᠡᠶ᠎ᠡ ᠦᠵᠡᠭᠳᠡᠬᠦ ᠦᠭᠡᠢ ᠪᠣᠯᠪᠠ᠃ ᠲᠡᠷᠡ ᠳᠠᠷᠠᠭᠠᠪᠡᠷ ᠵᠠᠯᠠᠭᠤ ᠥᠬᠢᠨ᠂ ᠬᠥᠭᠰᠢᠨ ᠡᠮᠡᠭᠡᠨ᠂ ᠡᠪᠦᠭᠡᠨ ᠪᠣᠯᠤᠨ ᠬᠤᠪᠢᠯᠤᠨ ᠦᠵᠡᠭᠦᠯᠪᠡ᠃
ᠲᠠᠩᠰᠤᠭ ᠡᠭᠦᠨ ᠊ᠢ ᠦᠵᠡᠭᠡᠳ ᠰᠢᠮᠨᠤ ᠶ᠋ᠢᠨ ᠮᠡᠬᠡ ᠳ᠋ᠦ᠍ ᠣᠷᠣᠭᠰᠠᠨ ᠢ᠋ᠶ᠋ᠠᠨ ᠮᠡᠳᠡᠵᠦ᠄《 ᠰᠢᠮᠨᠤ ᠴᠢ ᠭᠤᠷᠪᠠᠨ ᠤᠳᠠᠭ᠎ᠠ ᠨᠠᠮᠠᠶ᠋ᠢ ᠮᠡᠬᠡᠯᠡᠬᠦ ᠢᠨᠤ ᠶᠠᠮᠠᠷ ᠶᠣᠰᠣᠨ ? 》ᠭᠡᠮᠡᠨ ᠠᠭᠤᠷᠯᠠᠨ ᠠᠰᠠᠭᠤᠪᠠ᠃ ᠡᠭᠦᠨ ᠳ᠋ᠦ᠍ ᠬᠣᠬᠢᠮᠠᠢ ᠶ᠋ᠢᠨ ᠰᠢᠮᠨᠤ ᠬᠠᠳᠠᠭᠠᠨᠠᠲᠠᠯ᠎ᠠ ᠢᠨᠢᠶᠡᠵᠦ᠄《 ᠨᠢᠭᠡ ᠯᠡ ᠦᠭᠡ᠂ ᠮᠢᠬ᠎ᠠ ᠶ᠋ᠢ ᠴᠢᠨᠢ ᠢᠳᠡᠨ᠎ᠡ ! 》ᠭᠡᠪᠡ᠃ ᠲᠠᠩᠰᠤᠭ ᠯᠠᠮᠠ ᠪᠠᠬᠠᠨ ᠮᠡᠯᠡᠷᠡᠭᠡᠳ᠄《 ᠪᠢ ᠴᠢᠮᠠᠶ᠋ᠢ ᠭᠤᠷᠪᠠ ᠤᠳᠠᠭ᠎ᠠ ᠠᠪᠤᠷᠠᠪᠠ᠃ ᠴᠢ ᠨᠠᠮᠠᠶ᠋ᠢ ᠥᠷᠥᠰᠢᠶᠡᠭᠡᠳ ᠲᠠᠯᠪᠢᠴᠢᠬ᠎ᠠ 》ᠭᠡᠵᠦ ᠠᠷᠭ᠎ᠠ ᠶᠠᠳᠠᠨ ᠭᠤᠶᠤᠭᠰᠠᠨ ᠳ᠋ᠤ᠌ ᠬᠣᠬᠢᠮᠠᠢ ᠶ᠋ᠢᠨ ᠰᠢᠮᠨᠤ ᠬᠦᠢᠲᠡᠨ ᠢ᠋ᠶ᠋ᠡᠷ ᠢᠨᠢᠶᠡᠵᠦ᠄ 《 ᠡᠷᠭᠢᠭᠦᠦ ᠬᠤᠤᠱᠠᠩ ᠴᠢ᠂ ᠪᠢ ᠶᠠᠭᠤᠨ ᠳ᠋ᠤ᠌ ᠴᠢᠮᠠᠶ᠋ᠢ ᠲᠠᠯᠪᠢᠬᠤ ᠠᠵᠢ ! ᠭᠣᠷᠢ ᠪᠠᠨ ᠲᠡᠳᠡ ! 》ᠭᠡᠪᠡ ᠃ ᠲᠠᠩᠰᠤᠭ ᠯᠠᠮᠠ ᠨᠠᠰᠤᠨ ᠤ᠋ ᠠᠶᠤᠯ ᠳ᠋ᠤ᠌ ᠲᠤᠯᠭᠠᠷᠠᠭᠰᠠᠨ ᠢ᠋ᠶ᠋ᠠᠨ ᠮᠡᠳᠡᠭᠡᠳ ᠪᠡᠴᠢᠨ ᠦ᠌ ᠦᠭᠡ ᠶ᠋ᠢ ᠠᠪᠤᠭᠰᠠᠨ ᠦᠭᠡᠢ ᠳ᠋ᠡᠭᠡᠨ ᠲᠤᠶ᠋ᠢᠯ ᠢ᠋ᠶ᠋ᠠᠷ ᠭᠡᠮᠰᠢᠵᠡᠢ᠃ ᠲᠡᠷᠡ᠂ ᠪᠡᠴᠢᠨ ᠊ᠢ ᠪᠣᠳᠣᠬᠤ ᠲᠠᠢ ᠵᠡᠷᠭᠡ ᠥᠪᠡᠷ ᠦ᠋ᠨ ᠡᠷᠬᠡ ᠦᠭᠡᠢ᠄《 ᠪᠡᠴᠢᠨ ᠮᠢᠨᠢ ᠠ᠋ ! ᠪᠢ ᠦᠨᠡᠨ ᠬᠤᠳᠠᠯ ᠊ᠢ ᠢᠯᠭᠠᠬᠤ ᠦᠭᠡᠢ᠂ ᠬᠥᠮᠦᠨ ᠰᠢᠮᠨᠤ ᠶ᠋ᠢ ᠲᠣᠩᠭᠣᠷᠠᠭᠤᠯᠵᠤ᠂ ᠴᠢᠮ᠎ᠠ ᠪᠠᠨ ᠬᠥᠭᠡᠭᠡᠭᠡᠳ ᠶᠠᠪᠤᠭᠤᠯᠴᠢᠬᠠᠯ᠎ᠠ ᠰᠢᠦ ! ᠴᠢ ᠬᠠᠮᠢᠭ᠎ᠠ ᠪᠠᠶ᠋ᠢᠨ᠎ᠠ ᠪᠣᠢ? 》 ᠭᠡᠵᠦ ᠪᠠᠷᠬᠢᠷᠠᠪᠠ᠃ ᠡᠨᠡ ᠦᠶ᠎ᠡ ᠳ᠋ᠦ᠍ 《 ᠬᠥᠭᠰᠢᠨ ᠰᠢᠮᠨᠤ 》᠄《 ᠪᠠᠭᠰᠢ ᠠ᠋ ! ᠪᠢ ᠡᠨᠳᠡ ᠪᠣᠢ ! 》ᠭᠡᠮᠡᠨ ᠬᠠᠰᠬᠢᠷᠪᠠ᠃
ᠣᠯᠠᠨ ᠢ᠋ᠶ᠋ᠠᠷ ᠢ᠋ᠶ᠋ᠠᠨ ᠰᠣᠴᠢᠰᠬᠢᠪᠡ᠃ ᠡᠨᠡ ᠦᠶ᠎ᠡ ᠳ᠋ᠦ᠍ ᠥᠨᠥᠬᠢ 《 ᠬᠥᠭᠰᠢᠨ ᠰᠢᠮᠨᠤ 》ᠪᠡᠶ᠎ᠡ ᠤᠷᠪᠠᠮᠠᠭᠴᠠ ᠰᠦᠷ ᠵᠢᠪᠬᠤᠭ᠎ᠠ ᠲᠠᠢ ᠪᠡᠴᠢᠨ ᠪᠣᠯᠤᠨ ᠬᠤᠪᠢᠷᠠᠵᠤ᠂ ᠭᠠᠷ ᠲᠠᠭᠠᠨ ᠪᠣᠯᠣᠳ ᠪᠠᠷᠢᠶ᠎ᠠ ᠡᠷᠭᠢᠭᠦᠯᠦᠨ ᠬᠣᠬᠢᠮᠠᠢ ᠶ᠋ᠢᠨ ᠰᠢᠮᠨᠤ ᠶ᠋ᠢᠨ ᠲᠣᠯᠣᠭᠠᠢ ᠤᠷᠤᠭᠤ ᠵᠠᠨᠴᠢᠪᠠ᠃ ᠬᠣᠬᠢᠮᠠᠢ ᠶ᠋ᠢᠨ ᠰᠢᠮᠨᠤ ᠠᠶᠤᠬᠤ ᠶ᠋ᠢᠨ ᠶᠡᠬᠡᠪᠡᠷ ᠠᠶᠤᠵᠤ᠂ ᠶᠠᠭᠠᠷᠠᠨ ᠬᠠᠷᠢᠭᠤᠴᠠᠨ ᠲᠤᠰᠪᠠ᠃ ᠭᠠᠬᠠᠢ᠂ ᠰᠢᠷᠣᠢ ᠨᠠᠷ ᠪᠡᠴᠢᠨ ᠊ᠢ ᠬᠠᠪᠰᠤᠷᠤᠨ ᠲᠤᠯᠤᠯᠳᠤᠵᠤ᠂ ᠬᠣᠬᠢᠮᠠᠢ ᠶ᠋ᠢᠨ ᠰᠢᠮᠨᠤ ᠶ᠋ᠢᠨ ᠭᠠᠷ ᠳᠣᠣᠷᠠᠬᠢ ᠶᠡᠬᠡ ᠪᠠᠭ᠎ᠠ ᠰᠢᠮᠨᠤᠰ ᠊ᠢ ᠪᠦᠷ ᠠᠯᠠᠵᠤ ᠳᠠᠭᠤᠰᠬᠠᠪᠠ᠃ ᠬᠣᠬᠢᠮᠠᠢ ᠶ᠋ᠢᠨ ᠰᠢᠮᠨᠤ ᠳᠤᠲᠠᠭᠠᠰᠤᠭᠠᠢ ᠭᠡᠲᠡᠯ᠎ᠡ ᠪᠡᠴᠢᠨ ᠪᠠᠭᠰᠢ ᠪᠡᠶ᠎ᠡ ᠪᠡᠨ ᠬᠡᠳᠦ ᠰᠠᠵᠢᠯᠠᠮᠠᠭᠴᠠ ᠠᠷᠪᠠᠨ ᠬᠡᠳᠦᠨ ᠪᠡᠴᠢᠨ ᠪᠣᠯᠤᠨ ᠬᠤᠪᠢᠷᠠᠵᠤ ᠬᠣᠬᠢᠮᠠᠢ ᠶ᠋ᠢᠨ ᠰᠢᠮᠨᠤ ᠶ᠋ᠢ ᠪᠦᠰᠡᠯᠡᠨ ᠠᠪᠤᠪᠠ᠃ ᠡᠨᠡ ᠦᠶ᠎ᠡ ᠳ᠋ᠦ᠍ ᠬᠣᠬᠢᠮᠠᠢ ᠶ᠋ᠢᠨ ᠰᠢᠮᠨᠤ ᠳᠤᠲᠠᠭᠠᠬᠤ ᠶ᠋ᠢᠨ ᠠᠷᠭ᠎ᠠ ᠦᠭᠡᠢ ᠪᠣᠯᠤᠭᠰᠠᠨ ᠲᠤᠯᠠ ᠪᠡᠴᠢᠨ ᠪᠠᠭᠰᠢ ᠠᠮᠠᠨ ᠠ᠋ᠴᠠ ᠪᠠᠨ ᠡᠷᠳᠡᠨᠢ ᠶ᠋ᠢᠨ ᠭᠠᠯ ᠦᠯᠢᠶᠡᠨ ᠭᠠᠷᠭᠠᠵᠤ᠂ ᠬᠣᠬᠢᠮᠠᠢ ᠶ᠋ᠢᠨ ᠰᠢᠮᠨᠤ ᠶ᠋ᠢ ᠰᠢᠲᠠᠭᠠᠨ ᠠᠯᠠᠵᠠᠢ᠃
ᠢᠷᠡᠯᠲᠡ ᠄
ᠲᠠᠪᠤᠨ ᠵᠢᠯ ᠦᠨ ᠲᠦᠷᠢᠮᠳᠦ ᠪᠠᠭ᠎ᠠ ᠰᠤᠷᠭᠠᠭᠤᠯᠢ ᠳᠤ ᠦᠵᠡᠬᠦ
ᠬᠡᠯᠡ ᠪᠢᠴᠢᠭ ᠶᠢᠰᠦᠳᠦᠭᠡᠷ ᠲᠡᠪᠳᠡᠷ ※
ᠦᠪᠦᠷ ᠮᠤᠩᠭᠤᠯ ᠤᠨ ᠰᠤᠷᠭᠠᠨ ᠬᠦᠮᠦᠵᠢᠯ ᠦᠨ ᠬᠡᠪᠯᠡᠯ ᠦᠨ ᠬᠤᠷᠢᠶ᠎ᠠ ᠨᠠᠢᠢᠷᠠᠭᠤᠯᠤᠨ ᠬᠡᠪᠯᠡᠭᠦᠯᠪᠡ
ᠦᠪᠦᠷ ᠮᠤᠩᠭᠤᠯ ᠤᠨ ᠰᠢᠨᠬᠤᠸᠠ ᠨᠤᠮ ᠤᠨ ᠲᠡᠯᠭᠡᠭᠦᠷ ᠲᠠᠷᠬᠠᠭᠠᠪᠠ
ᠦᠪᠦᠷ ᠮᠤᠩᠭᠤᠯ ᠤᠨ ᠮᠤᠩᠭᠤᠯ ᠪᠢᠴᠢᠭ ᠬᠡᠪᠯᠠᠬᠦ ᠦᠢᠯᠡᠳᠪᠦᠷᠢ ᠬᠡᠪᠯᠡᠪᠡ
1981 ᠤᠨ ᠤ 5 ᠰᠠᠷ᠎ᠠ ᠳᠤ ᠬᠤᠶᠠᠳᠤᠭᠠᠷ ᠬᠡᠪ ᠢ ᠬᠢᠪᠡ
1984 ᠤᠨ ᠤ 4 ᠰᠠᠷ᠎ᠠ ᠳᠤ ᠲᠦᠷᠪᠡᠳᠦᠭᠡᠷ ᠤᠳᠠᠭ᠎ᠠ ᠶ᠋ᠢᠨ ᠬᠡᠪᠯᠡᠯ ᠡᠴᠡ ᠰᠣᠩᠭᠣᠪᠠ ᠃
ᠦᠰᠦᠭ ᠠᠮᠢᠯᠠᠭᠤᠯᠤᠭᠴᠢ ᠄ ᠣᠶᠤᠨᠴᠡᠴᠡᠭ
ᠬᠢᠨᠠᠭᠴᠢ ᠄ ᠣᠤᠠᠬᠠᠨᠰᠣ᠎ᠠ ᠂ ᠲᠣ᠋ · ᠨᠠᠨᠳᠢᠨ
2023.3.17
