ᠠᠷᠢᠭᠤᠨ ᠰᠠᠶ᠋ᠢᠬᠠᠨ ᠭᠠᠩᠭᠠᠩ ᠥᠷᠭᠦᠭᠡ ( ᠣᠷᠱᠤᠨ ᠭᠣᠣᠯ ) - ᠦᠭᠡ ᠄ ᠪ · ᠢᠵᠢᠯ ᠂ ᠠᠶ᠎ᠠ ᠄ ᠰᠠᠶ᠋ᠢᠨᠴᠤᠭᠲᠤ Ариун сайхан ганган өргөө  ( Оршин гол ) – Үг ᠄ Б · Ижил ᠂ Ая ᠄ Сайнцогт ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠷᠢᠭᠤᠨ ᠰᠠᠶ᠋ᠢᠬᠠᠨ ᠭᠠᠩᠭᠠᠩ ᠥᠷᠭᠦᠭᠡ ( ᠣᠷᠱᠤᠨ ᠭᠣᠣᠯ ) - ᠦᠭᠡ ᠄ ᠪ · ᠢᠵᠢᠯ ᠂ ᠠᠶ᠎ᠠ ᠄ ᠰᠠᠶ᠋ᠢᠨᠴᠤᠭᠲᠤ Ариун сайхан ганган өргөө  ( Оршин гол ) – Үг ᠄ Б · Ижил ᠂ Ая ᠄ Сайнцогт

ᠠᠷᠢᠭᠤᠨ ᠰᠠᠶ᠋ᠢᠬᠠᠨ ᠭᠠᠩᠭᠠᠩ ᠥᠷᠭᠦᠭᠡ ( ᠣᠷᠱᠤᠨ ᠭᠣᠣᠯ ) - ᠦᠭᠡ ᠄ ᠪ · ᠢᠵᠢᠯ ᠂ ᠠᠶ᠎ᠠ ᠄ ᠰᠠᠶ᠋ᠢᠨᠴᠤᠭᠲᠤ Ариун сайхан ганган өргөө  ( Оршин гол ) – Үг ᠄ Б · Ижил ᠂ Ая ᠄ Сайнцогт

ᠠᠩᠭᠢᠯᠠᠯ:ᠳᠠᠭᠤᠤ ᠬᠥᠭᠵᠢᠮ
2023-05-09

292

ᠠᠷᠢᠭᠤᠨ ᠰᠠᠶ᠋ᠢᠬᠠᠨ ᠭᠠᠩᠭᠠᠩ ᠥᠷᠭᠦᠭᠡ


             ᠦᠭᠡ ᠄ ᠪ · ᠢᠵᠢᠯ
               ᠠᠶ᠎ᠠ ᠄ ᠰᠠᠶ᠋ᠢᠨᠴᠣᠭᠲᠣ

 ᠬᠠᠨᠠᠭᠠᠷ ᠲᠠᠯ᠎ᠠ ᠶ᠋ᠢᠨ ᠲᠡᠨᠢᠭᠡᠷ ᠦᠷᠦᠴᠡᠨ ᠳ᠋ᠤ᠌
 ᠠᠯᠲᠠᠨ ᠭᠠᠲᠠᠰᠤ ᠰᠢᠭ᠋ ᠭᠢᠯᠠᠯᠵᠠᠨ ᠪᠠᠶ᠋ᠢᠲᠠᠭ
 ᠬᠠᠶ᠋ᠢᠷᠠᠲᠤ ᠦᠷᠡᠰ ᠦ᠋ᠨ ᠶ᠋ᠢᠡᠨ ᠥᠮᠥᠭ ᠨᠢ ᠪᠣᠯᠣᠭᠰᠠᠨ
 ᠠᠷᠢᠭᠤᠨ ᠴᠠᠭᠠᠨ ᠭᠠᠩᠭᠠᠩ ᠥᠷᠭᠥᠭᠡ
      ᠤᠲᠤᠮ ᠊ᠢ ᠵᠠᠯᠭᠠᠵᠤ ᠤᠭᠰᠠᠬ᠋᠎ᠠ ᠶ᠋ᠢ ᠶᠠᠰᠤᠵᠢᠭᠤᠯᠤᠭᠰᠠᠨ
      ᠮᠣᠩᠭᠣᠯ ᠭᠡᠷ ᠮᠢᠨᠢ ᠨᠠᠲᠠ ᠳ᠋ᠠᠭᠠᠨ ᠰᠠᠶ᠋ᠢᠬᠠᠨ
      ᠮᠣᠩᠭᠣᠯ ᠭᠡᠷ ᠮᠢᠨᠢ ᠨᠠᠲᠠ ᠳ᠋ᠠᠭᠠᠨ ᠰᠠᠶ᠋ᠢᠬᠠ

 ᠰᠡᠭᠦᠲᠡᠷ ᠦᠭᠡᠢ ᠲᠤᠩᠭᠠᠯᠠᠭ ᠲᠣᠬᠣᠢ ᠶ᠋ᠢᠨ ᠲᠡᠨᠵᠢᠨ ᠳ᠋ᠤ᠌
 ᠲᠡᠷᠭᠡᠯ ᠰᠠᠷᠠ ᠰᠢᠭ᠋ ᠨᠤᠲᠤᠭ ᠶ᠋ᠢᠠᠨ ᠮᠠᠨᠠᠲᠠᠭ
 ᠰᠡᠤᠠᠬᠢᠯ ᠦ᠋ᠨ ᠦᠷᠡᠰ ᠦ᠋ᠨ ᠶ᠋ᠢᠡᠨ ᠣᠮᠣᠭ ᠨᠢ ᠪᠣᠯᠣᠭᠰᠠ
 ᠲᠡᠨᠢᠭᠦᠨ ᠰᠠᠶ᠋ᠢᠬᠠᠨ ᠭᠠᠩᠭᠠᠩ ᠥᠷᠭᠦᠭᠡ
      ᠵᠣᠷᠢᠬ ᠲᠡᠵᠢᠭᠡᠵᠦ ᠬᠠᠷᠠᠴᠠ ᠶ᠋ᠢ ᠬᠣᠯᠠᠲᠠᠭᠤᠯᠤᠭᠰᠠᠨ       
      ᠮᠣᠩᠭᠣᠯ ᠭᠡᠷ ᠮᠢᠨᠢ ᠨᠠᠲᠠ ᠳ᠋ᠠᠭᠠᠨ ᠰᠠᠶ᠋ᠢᠬᠠᠨ
      ᠮᠣᠩᠭᠣᠯ ᠭᠡᠷ ᠮᠢᠨᠢ ᠨᠠᠲᠠ ᠳ᠋ᠠᠭᠠᠨ ᠰᠠᠶ᠋ᠢᠬᠠᠨ ᠃

 ᠪᠠᠷ᠎ᠠ ᠦᠭᠡᠢ ᠠᠭᠤᠲᠠᠮ ᠰᠢᠯᠢ ᠶ᠋ᠢᠨ ᠡᠩᠭᠡᠷ ᠲᠦ
 ᠰᠦᠮᠪᠦᠷ ᠠᠭᠤᠯᠠ ᠰᠢᠭ᠋ ᠨᠤᠲᠤᠭ ᠶ᠋ᠢᠠᠨ ᠰᠠᠬᠢᠲᠠᠭ ᠂
 ᠪᠠᠶᠠᠨ ᠮᠣᠩᠭᠣᠯ ᠦ᠋ᠨ ᠮᠢᠨᠢ ᠰᠦᠯᠲᠡ ᠪᠣᠯᠣᠭᠰᠠᠨ
 ᠰᠦᠵᠢᠭ ᠰᠠᠶ᠋ᠢᠬᠠᠨ ᠭᠠᠩᠭᠠᠩ ᠥᠷᠭᠥᠭᠡ ᠃
      ᠨᠡᠷ᠎ᠡ ᠶ᠋ᠢ ᠰᠡᠶ᠋ᠢᠯᠵᠦ ᠰᠦᠷ ᠊ᠢ ᠮᠠᠨᠲᠤᠭᠤᠯᠤᠭᠰᠠᠨ   
      ᠮᠣᠩᠭᠣᠯ ᠭᠡᠷ ᠮᠢᠨᠢ ᠨᠠᠲᠠ ᠳ᠋ᠠᠭᠠᠨ ᠰᠠᠶ᠋ᠢᠬᠠ ᠃
      ᠮᠣᠩᠭᠣᠯ ᠭᠡᠷ ᠮᠢᠨᠢ ᠨᠠᠲᠠ ᠳ᠋ᠠᠭᠠᠨ ᠰᠠᠶ᠋ᠢᠬᠠᠨ ᠃
      ᠮᠣᠩᠭᠣᠯ ᠭᠡᠷ ᠮᠢᠨᠢ ᠨᠠᠲᠠ ᠳ᠋ᠠᠭᠠᠨ ᠰᠠᠶ᠋ᠢᠬᠠᠨ ᠃ 
 
ᠢᠷᠡᠯᠲᠡ ᠄
         ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ  ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ  ᠵᠣᠬᠢᠶᠠᠵᠤ ᠂  ᠷᠠᠪᠲᠠᠨ  ᠪ ᠠᠶ᠎ᠠ  ᠦ᠋ᠨ ᠬᠢᠨᠠᠯᠲᠠ ᠲᠠᠢ  ᠃1989 ᠣᠨ  ᠪ 8 ᠰᠠᠷ᠎ᠠ  ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ  ᠳ᠋ᠤ᠌  ᠠᠩᠬᠠᠲᠤᠭᠠᠷ ᠤᠲᠠᠬ᠋᠎ᠠ  ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ  ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
 
     ᠦᠰᠦᠭ ᠠᠮᠢᠯᠠᠭᠤᠯᠤᠭᠴᠢ ᠄   ᠤᠷᠠᠨᠴᠡᠴᠡᠭ
     ᠦᠰᠦᠭ ᠬᠢᠨᠠᠭᠴᠢ ᠄  ᠪᠠᠶᠠᠷᠴᠡᠴᠡᠭ
                  2023 ᠣᠨ ᠪ 5 ᠰᠠᠷ᠎ᠠ ᠶ᠋ᠢᠨ 4  ᠤ ᠡᠲᠦᠷ