ᠵᠠᠩᠭᠠᠷ ᠤ᠋ᠨ ᠣᠷᠣᠰᠢᠯ ᠪᠦᠯᠦᠭ ᠦᠨ ᠠᠷᠪᠠᠨ ᠨᠢᠭᠡᠳᠦᠭᠡᠷ ᠬᠡᠰᠡᠭᠯᠡᠯ-ᠲᠢᠳᠠᠷᠢ ᠰᠠᠯᠬᠢᠨ ᠲᠠᠪᠠᠭ ᠪᠠᠭᠠᠲᠤᠷЖангарын оршил бөлгийн арван нэгдүгээр хэсэглэл-титари салхин таваг баатар ᠲᠤᠤᠯᠢᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠩᠭᠠᠷ ᠤ᠋ᠨ ᠣᠷᠣᠰᠢᠯ ᠪᠦᠯᠦᠭ ᠦᠨ ᠠᠷᠪᠠᠨ ᠨᠢᠭᠡᠳᠦᠭᠡᠷ ᠬᠡᠰᠡᠭᠯᠡᠯ-ᠲᠢᠳᠠᠷᠢ ᠰᠠᠯᠬᠢᠨ ᠲᠠᠪᠠᠭ ᠪᠠᠭᠠᠲᠤᠷЖангарын оршил бөлгийн арван нэгдүгээр хэсэглэл-титари салхин таваг баатар

ᠵᠠᠩᠭᠠᠷ ᠤ᠋ᠨ ᠣᠷᠣᠰᠢᠯ ᠪᠦᠯᠦᠭ ᠦᠨ ᠠᠷᠪᠠᠨ ᠨᠢᠭᠡᠳᠦᠭᠡᠷ ᠬᠡᠰᠡᠭᠯᠡᠯ-ᠲᠢᠳᠠᠷᠢ ᠰᠠᠯᠬᠢᠨ ᠲᠠᠪᠠᠭ ᠪᠠᠭᠠᠲᠤᠷЖангарын оршил бөлгийн арван нэгдүгээр хэсэглэл-титари салхин таваг баатар

ᠠᠩᠭᠢᠯᠠᠯ:ᠲᠤᠤᠯᠢᠰ
2023-05-09

690

ᠲᠢᠳᠠᠷᠢ ᠰᠠᠯᠬᠢᠨ ᠲᠠᠪᠠᠭ ᠪᠠᠭᠠᠲᠤᠷ

ᠠᠯᠳᠠᠷ ᠨᠣᠶᠠᠨ ᠪᠣᠭᠳᠠ ᠵᠠᠩᠭᠠᠷ ᠤ᠋ᠨ

ᠠᠷᠪᠠᠨ ᠬᠣᠶᠠᠷ ᠪᠠᠭᠠᠲᠤᠷ ᠤ᠋ᠨ ᠨᠢᠭᠡ ᠨᠢ᠂
ᠲᠢᠳᠠᠷᠢ ᠰᠠᠯᠬᠢᠨ ᠲᠠᠪᠠᠭ ᠪᠠᠭᠠᠲᠤᠷ ᠢ᠋
ᠡᠨᠳᠡ ᠰᠠᠭᠤᠭᠰᠠᠨ ᠲᠠᠨᠠᠷ ᠲᠠᠭᠠᠨ ᠬᠡᠯᠡᠭᠡᠳ ᠦᠵᠡᠳᠡᠭ ᠪᠣᠯᠬᠤᠯ᠎ᠠ
ᠠᠷᠪᠠᠨ ᠬᠣᠶᠠᠷ ᠰᠠᠷ᠎ᠠ ᠶ᠋ᠢᠨ ᠭᠠᠵᠠᠷ ᠠ᠋ᠴᠠ
ᠤᠨᠠᠭᠠᠨ ᠳᠠᠭ᠎ᠠ ᠬᠣᠶᠠᠷ ᠬᠠᠮᠢᠭᠠᠭᠤᠷ ᠢ᠋ᠶ᠋ᠠᠨ ᠬᠠᠯᠢᠶᠠᠭᠠᠳ ᠭᠢᠰᠬᠢᠵᠦ ᠪᠠᠢᠬᠤ ᠶ᠋ᠢ
ᠡᠨᠳᠡᠯ ᠦᠭᠡᠢ ᠦᠵᠡᠳᠡᠭ ᠭᠡᠨ᠎ᠡ ᠯᠡ
ᠤᠶᠠᠨ ᠴᠠᠭᠠᠨ ᠡᠪᠡᠰᠦᠨ ᠬᠠᠮᠢᠭᠠᠭᠤᠷ ᠢ᠋ᠶ᠋ᠠᠨ ᠬᠠᠯᠢᠶᠠᠭᠠᠳ ᠳᠡᠯᠡᠰᠴᠦ ᠪᠠᠢᠬᠤ ᠶ᠋ᠢ
ᠡᠨᠳᠡᠯ ᠦᠭᠡᠢ ᠲᠣᠳᠣᠯᠠᠨ ᠦᠵᠡᠳᠡᠭ ᠭᠡᠨ᠎ᠡ ᠯᠡ
ᠰᠠᠯᠬᠢᠨ ᠠ᠋ᠴᠠ ᠠᠯᠲᠠ ᠬᠤᠷᠳᠤᠨ ᠭᠡᠨ᠎ᠡ ᠯᠡ
ᠰᠠᠨᠠᠭᠠᠨ ᠠ᠋ᠴᠠ ᠪᠠᠨ ᠳᠡᠯᠢᠮ ᠬᠤᠷᠳᠤᠨ ᠭᠡᠨ᠎ᠡ ᠯᠡ 

ᠬᠤᠷᠳᠤᠨ ᠳ᠋ᠠᠭᠠᠨ ᠬᠤᠮᠤᠰ ᠨᠡᠷ᠎ᠡ ᠶ᠋ᠢ ᠣᠯᠤᠭᠰᠠᠨ
ᠲᠦᠷᠭᠡᠨ ᠳ᠋ᠡᠭᠡᠨ ᠲᠥᠷᠥ ᠶ᠋ᠢᠨ ᠨᠡᠷ᠎ᠡ ᠶ᠋ᠢ ᠣᠯᠤᠭᠰᠠᠨ
ᠴᠠᠬᠢᠭᠤᠷ ᠴᠠᠭᠠᠨ ᠬᠦᠯᠦᠭ ᠲᠡᠢ
ᠲᠢᠳᠠᠷᠢ ᠰᠠᠯᠬᠢᠨ ᠲᠠᠪᠠᠭ ᠭᠡᠵᠦ ᠬᠡᠯᠡᠳᠡᠭ ᠰᠠᠨᠵᠠᠢ ᠭᠡᠨ᠎ᠡ ᠯᠡ


ᠦᠭᠡᠰ ᠦ᠋ᠨ ᠲᠠᠢᠯᠪᠤᠷᠢ᠄
1
᠂ ᠬᠠᠮᠢᠭᠠᠭᠤᠷ ᠢ᠋ᠶ᠋ᠠᠨ᠁ ᠠᠯᠢ ᠲᠠᠯ᠎ᠠ ᠪᠠᠷ ᠢ᠋ᠶ᠋ᠠᠨ᠂ ᠬᠠᠮᠢᠭᠠᠰᠢ ᠪᠠᠨ᠂ ᠠᠯᠢ ᠵᠦᠭ ᠲᠦ᠍
 ᠬᠠᠯᠢᠶᠠᠭᠠᠳ᠁ ᠬᠠᠷᠠᠭᠠᠳ᠃
ᠳᠡᠯᠡᠰᠴᠦ᠁ ᠶᠠᠮᠠᠷ ᠨᠢᠭᠡᠨ ᠶᠠᠭᠤᠮᠠᠨ ᠳ᠋ᠤ᠌ ᠬᠦᠴᠦᠲᠡᠢ ᠮᠥᠷᠭᠥᠨ ᠲᠣᠰᠴᠤ ᠣᠢᠬᠤ᠂ ᠡᠪᠡᠰᠦ ᠤᠷᠭᠤᠮᠠᠯ ᠤ᠋ᠨ ᠵᠦᠢᠯ ᠰᠠᠯᠬᠢᠨ ᠠᠶ᠎ᠠ ᠪᠠᠷ ᠬᠠᠳᠠ ᠴᠢᠯᠠᠭᠤᠨ ᠳ᠋ᠤ᠌ ᠲᠣᠰᠴᠤ ᠨᠠᠰᠢ ᠴᠠᠰᠢ ᠰᠠᠪᠠᠴᠢᠨ ᠰᠠᠵᠢᠯᠠᠬᠤ᠃
4᠂ ᠡᠨᠳᠡᠯ ᠦᠭᠡᠢ᠁ ᠠᠯᠳᠠᠯ ᠦᠭᠡᠢ᠃
5 ᠬᠤᠮᠤᠰ ᠲᠤᠰ ᠲᠤᠤᠯᠢ ᠶ᠋ᠢᠨ ᠬᠡᠰᠡᠭᠯᠡᠯ ᠳ᠋ᠦ᠍ ᠬᠤᠷᠳᠤᠨ ᠲᠦᠷᠭᠡᠨ ᠭᠡᠰᠡᠨ ᠤᠳᠬ᠎ᠠ ᠪᠠᠷ ᠬᠡᠷᠡᠭᠯᠡᠭᠳᠡᠵᠦ ᠪᠠᠢᠨ᠎ᠠ᠃
ᠴᠠᠬᠢᠭᠤᠷ ᠴᠠᠭᠠᠨ ᠬᠦᠯᠦᠭ᠁ ᠴᠠᠬᠢᠯᠭᠠᠨ ᠴᠠᠬᠢᠯᠠᠬᠤ ᠮᠡᠲᠦ ᠮᠠᠰᠢ ᠬᠤᠷᠳᠤᠨ ᠲᠦᠷᠭᠡᠨ ᠭᠦᠶᠦᠳᠡᠯ ᠲᠡᠢ᠂ ᠴᠠᠭᠠᠨ ᠵᠢᠰᠦᠮ ᠦ᠋ᠨ ᠡᠷᠳᠡᠨᠢᠲᠦ ᠬᠦᠯᠦᠭ
7
 ᠲᠢᠳᠠᠷᠢ ᠰᠠᠯᠬᠢᠨ ᠲᠠᠪᠠᠭ᠁ ᠨᠡᠷ᠎ᠡ ᠪᠣᠯᠤᠨ ᠴᠤᠯᠤ ᠨᠢ ᠪᠣᠯᠤᠨ᠎ᠠ᠂ᠶᠠᠪᠠᠭᠠᠨ ᠢ᠋ᠶ᠋ᠠᠷ ᠬᠤᠢ ᠰᠠᠯᠬᠢ ᠮᠡᠲᠦ ᠬᠤᠷᠳᠤᠨ ᠭᠦᠶᠦᠳᠡᠭ

 

᠂ ᠨᠠᠷᠠᠰᠤ ᠪᠢᠴᠢᠵᠦ ᠲᠡᠮᠳᠡᠭᠯᠡᠪᠡ᠃ 

ᠲᠢᠳᠡᠷᠢ ᠰᠠᠯᠬᠢᠨ ᠲᠠᠪᠠᠭ ᠪᠠᠭᠠᠲᠤᠷ ᠤᠨ ᠲᠠᠢᠯᠤᠮᠵᠢ