ᠭᠠᠨᠵᠤᠤᠷ ᠪᠦᠷᠢᠲᠦ ᠮᠢᠨᠢ ( ᠣᠷᠱᠤᠨ ᠭᠣᠣᠯ ) - ᠦᠭᠡ : ᠭᠠ ᠂ ᠨᠤᠷᠪᠤ ᠂ ᠠᠶ᠎ᠠ ᠄ ᠰᠠᠶ᠋ᠢᠨᠴᠤᠭᠲᠤ Ганжуур бүрд минь ( Оршин гол ) – Үг : Г᠂ Норов ᠂ Ая ᠄ Сайнцогт
ᠭᠠᠨᠵᠤᠤᠷ ᠪᠦᠷᠢᠲᠦ ᠮᠢᠨᠢ
ᠦᠭᠡ ᠄ ᠭᠠ ᠂ ᠨᠤᠷᠪᠤ
ᠠᠶ᠎ᠠ ᠄ ᠰᠠᠢᠨᠴᠤᠭᠲᠤ
ᠲᠤᠩᠭᠠᠯᠠᠭ ᠠᠷᠢᠭᠤᠨ ᠤᠰᠤᠨ ᠳ᠋ᠤ᠌ ᠴᠢᠨᠢ
ᠲᠣᠭᠯᠠᠨ ᠤᠮᠪᠠᠵᠤ ᠶᠠᠪᠤᠭᠰᠠᠨ ᠶᠤᠮ ᠡ ᠂
ᠲᠣᠷᠭᠠᠨ ᠨᠣᠮᠢᠨ ᠬᠦᠪᠡᠭᠡ ᠪᠡᠷ ᠴᠢᠨᠢ
ᠲᠤᠭᠤᠯ ᠶ᠋ᠢᠠᠨ ᠬᠠᠷᠢᠭᠤᠯᠵᠤ ᠥᠰᠦᠭᠰᠡᠨ ᠶᠤᠮ ᠡ ᠃
ᠪᠠᠷᠭᠤ ᠨᠠᠢ᠍ᠮᠠᠨ ᠬᠣᠰᠢᠭᠤ ᠪᠠᠷ ᠶ᠋ᠢᠡᠨ
ᠴᠢᠭᠤᠯᠭᠠᠨ ᠬᠢᠳᠡᠭ ᠭᠠᠵᠠᠷ ᠶᠤᠮ ᠳ᠋ᠠ ᠂
ᠪᠠᠶᠠᠨ ᠲᠠᠷᠭᠤᠨ ᠰᠦᠷᠦᠭ ᠦ᠋ᠨ ᠮᠢᠨᠢ
ᠴᠡᠩᠭᠡᠯ ᠪᠣᠯᠤᠭᠰᠠᠨ ᠪᠦᠷᠢᠲᠦ ᠶᠤᠮ ᠳ᠋ᠠ
ᠴᠡᠨᠭᠬᠡᠭ ᠰᠠᠶ᠋ᠢᠬᠠᠨ ᠪᠤᠯᠠᠭ ᠠ᠋ᠴᠠ ᠨᠢ
ᠷᠠᠰᠢᠶᠠᠯᠠᠨ ᠤᠮᠲᠠᠯᠠᠵᠤ ᠶᠠᠪᠤᠭᠰᠠᠨ ᠶᠤᠮ ᠂
ᠴᠡᠯᠡᠭᠡᠷ ᠨᠣᠭᠣᠭᠠᠨ ᠳᠡᠨᠵᠢ ᠪᠡᠷ ᠴᠢᠨᠢ
ᠠᠯᠢᠶᠠᠷᠬᠠᠨ ᠪᠠᠶ᠋ᠢᠵᠤ ᠥᠰᠦᠭᠰᠡᠨ ᠶᠤᠮ ᠃
— ᠳᠠᠭᠢᠯᠲᠠ —
ᠴᠡᠩᠭᠡᠯ ᠪᠣᠯᠤᠭᠰᠠᠨ ᠪᠦᠷᠢᠲᠦ ᠶᠤᠮ ᠳ᠋ᠠ ᠃
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠮᠢᠭᠮᠡᠷ
ᠦᠰᠦᠭ ᠬᠢᠨᠠᠭᠴᠢ ᠄ ᠪᠠᠶᠠᠷᠴᠡᠴᠡᠭ
2023 ᠣᠨ ᠪ 5 ᠰᠠᠷ᠎ᠠ ᠶ᠋ᠢᠨ 4 ᠤ ᠡᠲᠦᠷ
