ᠮᠣᠭᠠᠢᠲᠤ ᠨᠤᠲᠤᠭ ᠮᠢᠨᠢ- ᠴᠡᠩᠭᠡᠯ᠂ ᠤᠷᠭᠤᠮᠠᠯМогойт нутаг минь-цэнгэл, ургамал
ᠮᠣᠭᠠᠢᠲᠤ ᠨᠤᠲᠤᠭ ᠮᠢᠨᠢ
ᠦᠭᠡ᠄ ᠰᠠᠷᠠᠨᠴᠡᠴᠡᠭ
ᠠᠶ᠎ᠠ᠄ ᠣ᠂ ᠰᠦᠮᠪᠦᠷ
ᠳᠠᠭᠤᠴᠢᠨ᠄ ᠴᠡᠩᠭᠡᠯ᠂ ᠤᠷᠭᠤᠮᠠᠯ
ᠡᠪᠦᠭᠡ ᠳᠡᠭᠡᠳᠦᠰᠡᠴᠡ ᠤᠯᠠᠮᠵᠢᠯᠠᠵᠤ
ᠢᠷᠡᠭᠰᠡᠨ ᠬᠥᠲᠥᠯ ᠦ᠋ᠨ ᠣᠪᠣᠭ᠎ᠠ ᠲᠠᠢ
ᠥᠩᠭᠡ ᠦᠵᠡᠮᠵᠢ ᠨᠢ ᠪᠠᠢᠭᠠᠯᠢᠯᠢᠭ
ᠰᠠᠢᠬᠠᠨ ᠪᠠᠶᠠᠨ ᠨᠠᠭᠤᠷ ᠲᠠᠢ
ᠦᠨᠡᠭᠡ ᠲᠠᠤᠯᠠᠢ ᠮᠠᠩᠭᠢᠰᠤ ᠲᠣᠭᠯᠠᠭᠰᠠᠨ
ᠰᠢᠯᠢ ᠴᠠᠢᠳᠠᠮ ᠲᠠᠢ
ᠦᠶ᠎ᠡ ᠶ᠋ᠢᠨ ᠦᠶ᠎ᠡ ᠪᠡᠷ ᠳᠠᠭᠠᠳᠬᠠᠨ
ᠲᠠᠬᠢᠭᠰᠠᠨ ᠥᠨᠥᠴᠢᠨ ᠣᠪᠣᠭ᠎ᠠ ᠲᠠᠢ
ᠭᠠᠯᠪᠠ ᠶ᠋ᠢᠨ ᠴᠥᠮ᠎ᠡ ᠪᠡᠷ ᠢ᠋ᠶ᠋ᠡᠨ
ᠠᠯᠳᠠᠷ ᠮᠠᠨᠳᠤᠭᠰᠠᠨ ᠮᠣᠭᠠᠢᠲᠤ ᠬᠠᠢᠷᠬᠠᠨ ᠲᠠᠢ
ᠬᠠᠲᠠᠭᠤ ᠲᠡᠦᠬᠡᠨ ᠳ᠋ᠦ᠍ ᠮᠥᠷ ᠢ᠋ᠶ᠋ᠡᠨ
ᠦᠯᠡᠳᠡᠭᠡᠭᠰᠡᠨ ᠬᠤᠪᠢᠰᠬᠠᠯ ᠤ᠋ᠨ ᠰᠠᠭᠤᠷᠢᠨ ᠲᠠᠢ
ᠭᠠᠵᠠᠷ ᠲᠡᠭᠷᠢᠡᠴᠡ ᠢᠪᠡᠭᠡᠯ
ᠪᠣᠯᠤᠭᠰᠠᠨ ᠴᠢᠨᠣ᠎ᠠ ᠶ᠋ᠢᠨ ᠴᠠᠢᠳᠠᠮ ᠲᠠᠢ
ᠬᠠᠲᠤᠨ ᠭᠣᠣᠯ ᠤ᠋ᠨ ᠰᠢᠮ᠎ᠡ ᠬᠦᠷᠲᠡᠭᠰᠡᠨ
ᠶᠡᠬᠡ ᠤᠰᠤᠨ ᠪᠦᠷᠢᠳᠦ ᠲᠡᠢ
ᠠᠮᠢᠨ ᠬᠠᠢᠷᠠᠲᠠᠢ ᠮᠣᠭᠠᠢᠲᠤ
ᠨᠤᠲᠤᠭ ᠮᠢᠨᠢ ᠠᠢ ᠬᠥ
ᠠᠰᠢᠳᠠ ᠶ᠋ᠢᠨ ᠵᠢᠷᠭᠠᠯ ᠲᠠᠢ
ᠳᠤᠯᠠᠭᠠᠬᠠᠨ ᠥᠯᠥᠭᠡᠢ ᠰᠢᠦ ᠠᠢ ᠬᠥ
ᠲᠥᠷᠥ ᠭᠦᠷᠦᠨ ᠦ᠌ ᠲᠡᠦᠬᠡᠨ ᠳ᠋ᠦ᠍
ᠦᠯᠡᠳᠡᠭᠰᠡᠨ ᠬᠠᠰᠠᠷ ᠤ᠋ᠨ ᠰᠢᠲᠦᠭᠡᠨ ᠲᠡᠢ
ᠳᠠᠷᠠᠰᠤ ᠲᠣᠷᠯᠣᠭ ᠨᠣᠭᠣᠭᠠᠷᠠᠨ
ᠨᠠᠢᠭᠤᠭᠰᠠᠨ ᠶᠡᠬᠡ ᠴᠠᠢᠳᠠᠮ ᠲᠠᠢ
ᠲᠡᠷᠲᠡᠭᠡ ᠬᠣᠯᠠ ᠳ᠋ᠤ᠌ ᠪᠥᠷᠲᠥᠯᠵᠡᠨ
ᠮᠠᠨᠠᠨᠲᠤᠬᠤ ᠲᠦᠭᠬᠦᠢ ᠶ᠋ᠢᠨ ᠰᠢᠯᠢ ᠲᠡᠢ
ᠲᠣᠷᠭᠠᠨ ᠰᠦᠷᠦᠭ ᠮᠢᠨᠢ ᠥᠨᠢᠷ
ᠦᠷᠡᠵᠢᠭᠰᠡᠨ ᠮᠠᠯᠵᠢᠯ ᠤ᠋ᠨ ᠲᠠᠯᠠᠪᠠᠢ ᠲᠠᠢ
ᠴᠡᠩᠬᠡᠷᠯᠡᠨ ᠬᠠᠷᠠᠭᠳᠠᠬᠤ ᠪᠤᠲᠠ
ᠪᠤᠷᠭᠠᠰᠤ ᠪᠠᠭ᠎ᠠ ᠴᠠᠢᠳᠠᠮ ᠲᠠᠢ
ᠴᠡᠭᠡᠵᠢ ᠵᠢᠷᠤᠮ ᠢ᠋ ᠪᠠᠷᠢᠮᠲᠠᠯᠠᠵᠤ
ᠢᠷᠡᠭᠰᠡᠨ ᠠᠬᠠᠮᠠᠳ ᠬᠤᠪᠢᠰᠬᠠᠯᠴᠢᠳ ᠲᠠᠢ
ᠴᠠᠢᠯᠵᠠᠨ ᠲᠤᠨᠤᠷᠠᠭᠰᠠᠨ ᠴᠢᠷᠭ᠎ᠠ ᠶ᠋ᠢᠨ
ᠬᠣᠭᠣᠯᠠᠢ ᠰᠢᠨ᠎ᠡ ᠬᠥᠭᠵᠢᠯᠲᠡ ᠲᠡᠢ
ᠴᠠᠢᠯᠭᠠᠨ ᠰᠡᠳᠬᠢᠯᠳᠦ ᠮᠠᠯᠴᠢᠨ
ᠠᠷᠠᠳ ᠮᠢᠨᠢ ᠰᠠᠷᠠᠭᠤᠯ ᠢᠷᠡᠭᠡᠳᠦᠢ ᠲᠡᠢ
ᠠᠮᠢᠨ ᠬᠠᠢᠷᠠᠲᠠᠢ ᠮᠣᠭᠠᠢᠲᠤ
ᠨᠤᠲᠤᠭ ᠮᠢᠨᠢ ᠠᠢ ᠬᠥ
ᠠᠰᠢᠳᠠ ᠶ᠋ᠢᠨ ᠵᠢᠷᠭᠠᠯ ᠲᠠᠢ
ᠳᠤᠯᠠᠭᠠᠬᠠᠨ ᠥᠯᠥᠭᠡᠢ ᠰᠢᠦ ᠠᠢ ᠬᠥ
ᠠᠰᠢᠳᠠ ᠶ᠋ᠢᠨ ᠵᠢᠷᠭᠠᠯ ᠲᠠᠢ
ᠳᠤᠯᠠᠭᠠᠬᠠᠨ ᠥᠯᠥᠭᠡᠢ ᠰᠢᠦ ᠠᠢ ᠬᠥ
ᠦᠰᠦᠭ ᠠᠮᠢᠯᠠᠭᠤᠯᠤᠭᠴᠢ᠄ ᠣᠳᠬᠣᠨᠴᠡᠴᠡᠭ
ᠦᠰᠦᠭ ᠬᠠᠲᠠᠭᠰᠠᠨ ᠨᠢ᠄ ᠣᠳᠬᠣᠨᠴᠡᠴᠡᠭ
ᠬᠢᠨᠠᠭᠴᠢ᠄ ᠠᠯᠲᠠᠨ ᠠᠭᠤᠯᠠ᠂ ᠾᠦᠩ ᠸᠧᠢ
