ᠵᠠᠩᠭᠠᠷ ᠤᠨ ᠣᠷᠣᠰᠢᠯ ᠪᠦᠯᠦᠭ ᠤᠨ ᠠᠷᠪᠠᠳᠤᠭᠠᠷ ᠬᠡᠰᠡᠭᠯᠡᠯ-ᠪᠤᠷᠬᠠᠨ ᠪᠣᠷᠣ ᠮᠠᠩᠨᠠᠢ ᠪᠠᠭᠠᠲᠤᠷЖангарын оршил бөлгийн аравдугаар хэсэглэл-бор магнай баатар
ᠪᠤᠷᠬᠠᠨ ᠪᠣᠷᠣ ᠮᠠᠩᠨᠠᠢ ᠪᠠᠭᠠᠲᠤᠷ
ᠠᠯᠳᠠᠷ ᠨᠣᠶᠠᠨ ᠪᠣᠭᠳᠠ ᠵᠠᠩᠭᠠᠷ ᠤᠨ᠂
ᠠᠷᠪᠠᠨ ᠬᠣᠶᠠᠷ ᠪᠠᠭᠠᠲᠤᠷ ᠤᠨ ᠨᠢᠭᠡ ᠨᠢ᠂
ᠵᠠᠯᠠᠭᠤ ᠪᠤᠷᠬᠠᠨ ᠪᠣᠷᠣ ᠮᠠᠩᠨᠠᠢ ᠶᠢ᠂
ᠡᠨᠳᠡ ᠰᠠᠭᠤᠭᠰᠠᠨ ᠲᠠᠨᠠᠷ ᠲᠠᠭᠠᠨ ᠬᠡᠯᠡᠭᠡᠳ
ᠦᠵᠡᠳᠡᠭ ᠪᠤᠯᠬᠤᠯ᠎ᠠ᠂
ᠪᠠᠭᠠᠲᠤᠷ ᠣᠮᠣᠭ ᠵᠣᠷᠢᠭ ᠪᠡᠷ ᠢᠶᠡᠨ᠂
ᠳᠥᠴᠢᠨ ᠶᠢᠰᠦᠨ ᠬᠣᠨᠣᠭ ᠲᠡᠰᠥᠭᠡᠳ ᠳᠠᠢᠯᠠᠯᠳᠤᠳᠠᠭ
ᠭᠡᠨ᠎ᠡ ᠯᠠ᠂
ᠵᠠᠶᠠᠭᠠᠨ ᠳᠠᠭᠠᠨ ᠲᠦᠰᠢᠭᠡᠳ ᠤᠨᠳᠠᠬᠤᠯᠠᠷ᠂
ᠳᠥᠴᠢᠨ ᠶᠢᠰᠦᠨ ᠬᠣᠨᠣᠭ ᠦᠬᠦᠨ ᠤᠨᠲᠠᠳᠠᠭ ᠭᠡᠨ᠎ᠡ
ᠯᠠ᠂
ᠭᠤᠨᠠᠨ ᠠᠶᠤᠤ ᠶᠢᠨ ᠰᠦᠰᠥᠨ ᠂
ᠬᠠᠭ᠎ᠠ ᠲᠤᠰᠤᠮ᠎ᠠ ᠲᠠᠭᠤ ᠪᠡᠷ᠂
ᠬᠠᠢᠬᠢᠷᠠᠨ ᠲᠠᠭᠤᠳᠠᠵᠤ ᠤᠷᠢᠶᠠᠯᠠᠳᠠᠭ ᠭᠡᠨ᠎ᠡ
ᠯᠠ᠂
ᠠᠷᠤ ᠪᠤᠮᠪᠠ ᠶᠢᠨ ᠣᠷᠣᠨ ᠤ᠂
ᠠᠷᠠᠨᠵᠠ ᠶᠢᠨ ᠨᠠᠢ᠍ᠮᠠᠨ ᠮᠢᠩᠭᠠᠨ ᠪᠤᠲᠤᠩ ᠤᠨ
ᠠᠬᠠᠯᠠᠭᠴᠢ᠂
ᠵᠠᠶᠠᠭᠠᠳᠤ ᠠᠯᠳᠠᠷ ᠬᠠᠭᠠᠨ ᠤ ᠬᠥᠪᠡᠭᠦᠨ᠂
ᠵᠠᠯᠠᠭᠤ ᠪᠤᠷᠬᠠᠨ ᠪᠣᠷᠣ ᠮᠠᠩᠨᠠᠢ ᠭᠡᠵᠤ ᠬᠡᠯᠡᠳᠡᠭ
ᠰᠠᠨᠵᠠᠢ ᠭᠡᠨ᠎ᠡ ᠯᠠ᠃
ᠦᠭᠡᠰ ᠤᠨ ᠲᠠᠢᠯᠪᠤᠷᠢ᠄
1·
ᠭᠤᠨᠠᠨ ᠠᠶᠤᠤ᠁ ᠭᠤᠷᠪᠠᠨ ᠨᠠᠰᠤᠲᠠᠢ ᠪᠠᠭᠠᠪᠠᠭᠠᠢ᠃
2᠂ ᠬᠠᠢᠬᠢᠷᠠᠨ᠁ᠬᠠᠰᠬᠢᠷᠠᠨ᠃
3᠂ ᠠᠷᠠᠨᠵᠠ ᠶᠢᠨ ᠨᠠᠢ᠍ᠮᠠᠨ ᠮᠢᠩᠭᠠᠨ ᠪᠤᠲᠤᠩ ᠤᠨ ᠠᠬᠠᠯᠠᠭᠴᠢ᠁ ᠰᠢᠨᠳᠠᠷᠠᠵᠤ
ᠪᠤᠴᠠᠰᠢ
ᠦᠭᠡᠢ ᠡᠷ᠎ᠡ ᠵᠣᠷᠢᠭ ᠡᠷᠡᠮᠡᠬᠡᠢ ᠤᠬᠠᠭᠠᠨ ᠴᠢᠳᠠᠯ
ᠲᠡᠭᠦᠰ ᠪᠥᠷᠢᠳᠥᠭᠰᠡᠨ ᠴᠡᠷᠢᠭ ᠳᠠᠢᠨ ᠤ
ᠡᠷᠳᠡᠮ ᠳᠤ ᠭᠠᠷᠮᠠᠭᠠᠢ ᠮᠡᠷᠭᠡᠰᠢᠭᠰᠡᠨ ᠨᠠᠢ᠍ᠮᠠᠨ
ᠮᠢᠩᠭᠠᠨ ᠬᠦᠴᠤᠳᠤ ᠪᠠᠭᠠᠲᠤᠷ ᠤᠨ ᠲᠡᠷᠢᠭᠦᠯᠡᠭᠴᠢ᠂
ᠲᠣᠯᠣᠭᠠᠢᠯᠠᠭᠴᠢ᠂ ᠶᠡᠷᠥᠩᠬᠡᠢᠯᠡᠨ ᠵᠠᠬᠢᠷᠤᠭᠴᠢ᠃
ᠳ᠂ ᠨᠠᠷᠠᠰᠤ ᠪᠢᠴᠢᠵᠤ ᠲᠡᠮᠳᠡᠭᠯᠡᠪᠡ᠃

