ᠬᠠᠯᠲᠠᠷ ᠢᠰᠢᠭᠡ - ᠴ · ᠳᠠᠮᠳᠢᠨᠰᠦ᠋ᠷᠦᠩ Халтар ишиг - Ч · Дамдинсүрэн
ᠬᠠᠯᠲᠠᠷ ᠢᠰᠢᠭᠡ
ᠴ · ᠳᠠᠮᠳᠢᠨᠰᠦ᠋ᠷᠦᠩ
ᠬᠠᠯᠲᠠᠷ ᠤᠬᠤᠨ᠎ᠠ ᠢᠰᠢᠭᠡ
ᠬᠠᠰᠢᠶ᠎ᠠ ᠠ᠋ᠴᠠ ᠨᠢᠭᠡ ᠥᠷᠯᠥᠭᠡ
ᠬᠠᠩᠬᠠᠯᠵᠠᠬᠤ ᠡᠪᠡᠷ ᠲᠡᠢ ᠪᠣᠯᠤᠭᠠᠳ
ᠳᠠᠩᠬᠠᠯᠵᠠᠨ ᠭᠠᠷᠴᠤ ᠢᠷᠡᠪᠡ ᠃
ᠢᠮᠠᠭᠠᠨ ᠳ᠋ᠤ᠌ ᠡᠪᠡᠷ ᠡᠴᠡ ᠢᠯᠡᠭᠦᠦ
ᠶᠠᠮᠠᠷ ᠴᠢᠮᠡᠭ ᠪᠠᠶ᠋ᠢᠬᠤ ᠪᠤᠢ ?
ᠶᠠᠭᠠᠬᠢᠬᠰᠠᠨ ᠰᠠᠶ᠋ᠢᠬᠠᠨ ᠶᠤᠮ ᠭᠡᠵᠦ
ᠢᠮᠠᠬ᠋ᠠ ᠪᠦᠷᠢ ᠰᠣᠨᠢᠷᠬᠠᠪᠠ ᠃
ᠬᠠᠴᠢᠨ ᠰᠠᠶ᠋ᠢᠬᠠᠨ ᠡᠪᠡᠷ ᠭᠡᠵᠦ
ᠬᠠᠮᠤᠭ ᠢᠰᠢᠭᠡ ᠮᠠᠭᠲᠠᠪᠠ
ᠬᠠᠶ᠋ᠢᠷ᠎ᠠ ᠮᠠᠭᠲᠠᠭᠠᠯ ᠦ᠋ᠨ ᠬᠠᠷᠢᠭᠤ ᠳ᠋ᠤ᠌
ᠬᠠᠯᠲᠠᠷ ᠢᠰᠢᠭᠡᠨ ᠪ ᠬᠡᠯᠡᠭᠰᠡᠨ ᠨᠢ ᠄
《 ᠬᠤᠷᠮᠤᠰᠲᠠ ᠲᠩᠷᠢ ᠶ᠋ᠢᠨ ᠬᠠᠶ᠋ᠢᠷᠠᠯᠠᠭᠰᠠᠨ
ᠬᠤᠷᠴᠠ ᠡᠨᠡ ᠵᠢᠲᠠ ᠪᠠᠷ ᠶ᠋ᠢᠠᠨ
ᠳᠡᠭᠡᠳᠦ ᠲᠩᠷᠢ ᠶ᠋ᠢᠨ ᠰᠣᠶᠣᠷᠬᠠᠭᠰᠠᠨ
ᠳᠡᠷᠡᠭᠡᠷ ᠡᠨᠡ ᠡᠪᠡᠷ ᠶ᠋ᠢᠡᠷ ᠶ᠋ᠢᠡᠨ
ᠰᠡᠷᠲᠡᠭᠡᠷ ᠮᠤᠤᠰᠠᠶ᠋ᠢᠨ ᠢᠰᠢᠭᠡ ᠶ᠋ᠢ
ᠰᠡᠭᠡᠷ ᠬᠦᠵᠦᠭᠦᠦ ᠶ᠋ᠢ ᠪᠤᠯᠭᠤᠯᠵᠤ
ᠰᠡᠮᠡᠵᠡᠨ ᠭᠦᠵᠡᠭᠡ ᠶ᠋ᠢ ᠬᠠᠭᠠᠯᠵᠤ
ᠰᠡᠪᠡᠰᠦ ᠶ᠋ᠢ ᠭᠣᠭᠣᠵᠢᠲᠠᠯ᠎ᠠ ᠮᠥᠷᠭᠥᠨ᠎ᠡ ᠃
ᠬᠣᠶᠠᠷ ᠡᠪᠡᠷ ᠦ᠋ᠨ ᠵᠠᠭᠠᠲᠤᠨᠠᠭᠰᠠᠨ
ᠬᠣᠣᠷ ᠊ᠢ ᠭᠠᠷᠭᠠᠶ᠎ᠠ 》 ᠭᠡᠳ
ᠬᠠᠪᠢᠲᠠᠭᠰᠠᠨ ᠢᠰᠢᠭᠡ ᠶ᠋ᠢ ᠬᠠᠯᠲᠠᠵᠤ
ᠬᠠᠮᠤᠭ ᠢᠰᠢᠭᠡ ᠶ᠋ᠢ ᠮᠥᠷᠭᠥᠪᠡ ᠃
ᠡᠲᠦᠷ ᠢᠷᠡᠬᠦ ᠪᠦᠷᠢ
ᠥᠨᠥᠬᠢ ᠭᠠᠶ᠋ᠢᠬᠠᠯ ᠳᠣᠭᠰᠢᠷᠠᠵᠤ
ᠬᠥᠬᠡ ᠢᠰᠢᠭᠡ ᠪᠦᠭᠦᠲᠡ ᠶ᠋ᠢ
ᠬᠥᠨᠥᠭᠡᠵᠦ ᠵᠣᠪᠠᠭᠠᠬᠤ ᠪᠣᠯᠤᠭᠰᠠᠨ ᠳ᠋ᠤ᠌
ᠬᠠᠮᠤᠭ ᠢᠰᠢᠭᠡ ᠴᠤᠭᠯᠠᠷᠠᠵᠤ
ᠬᠠᠯᠲᠠᠷ ᠢᠰᠢᠭᠡᠨ ᠳ᠋ᠤ᠌ ᠬᠡᠯᠡᠵᠡᠢ
— ᠬᠠᠶ᠋ᠢᠷᠠᠲᠤ ᠠᠬ᠎ᠠ ᠮᠢᠨᠢ ᠨᠣᠮᠣᠬᠠᠷᠠᠵᠤ
ᠬᠠᠤᠠᠬᠤᠵᠤ ᠮᠥᠷᠭᠥᠬᠦ ᠪᠡᠨ ᠪᠤᠯᠢ ᠳ᠋ᠠ ᠃
ᠬᠠᠷ᠎ᠠ ᠨᠣᠬᠠᠢ ᠬᠡᠲᠦᠢ ᠪᠡᠷ
ᠠᠷᠪᠠᠭᠠᠳ ᠭᠥᠯᠥᠭᠡ ᠭᠠᠷᠭᠠᠪᠠᠴᠤ
ᠬᠠᠷᠢᠯᠴᠠᠨ ᠬᠡᠷᠡᠯᠲᠦᠬᠦ ᠤᠴᠢᠷ ᠠ᠋ᠴᠠ
ᠬᠠᠮᠲᠤᠷᠠᠨ ᠥᠰᠴᠦ ᠴᠢᠲᠠᠲᠠᠭ ᠦᠭᠡᠢ ᠃
ᠬᠣᠨᠢᠨ ᠰᠦᠷᠦᠭ ᠬᠡᠲᠦᠢ ᠪᠡᠷ
ᠬᠣᠶᠠᠷ ᠬᠤᠷᠠᠬ᠋ᠠ ᠭᠠᠷᠭᠠᠪᠠᠴᠤ
ᠬᠣᠭᠣᠷᠣᠨᠲᠣ ᠪᠠᠨ ᠡᠪ ᠲᠡᠢ ᠤᠴᠢᠷ ᠠ᠋ᠴᠠ
ᠮᠢᠩᠬ᠋᠎ᠠ ᠲᠦᠮᠡ ᠪᠡᠷ ᠥᠰᠦᠨ᠎ᠡ ᠃
ᠢᠮᠠᠭᠠᠨ ᠰᠦᠷᠦᠭ ᠪᠢᠲᠡ ᠨᠡᠷ
ᠶᠠᠷᠲᠠᠭ ᠨᠣᠬᠠᠢ ᠶ᠋ᠢ ᠳᠠᠭᠤᠷᠢᠶᠠᠬᠤ ᠦᠭᠡᠢ
ᠬᠤᠨ ᠬᠣᠨᠢ ᠶ᠋ᠢ ᠳᠠᠭᠤᠷᠢᠶᠠᠵᠤ
ᠬᠤᠪᠢ ᠪᠠᠨ ᠰᠠᠬᠢᠵᠤ ᠶᠠᠪᠤᠵᠠᠭᠠᠶ᠎ᠠ ᠃
ᠡᠪᠯᠡᠪᠡᠯ ᠪᠦᠲᠦᠨ᠎ᠡ
ᠬᠤᠤᠪᠢᠯᠲᠤᠪᠠᠯ ᠭᠤᠲᠤᠨ᠎ᠠ ᠭᠡᠰᠡᠨ ᠳ᠋ᠤ᠌
ᠤᠬᠤᠨ᠎ᠠ ᠢᠰᠢᠭᠡ ᠲᠡᠲᠡᠨ ᠪ
ᠤᠴᠢᠷ ᠲᠠᠢ ᠦᠭᠡ ᠶ᠋ᠢ ᠠᠪᠤᠭᠰᠠᠨ ᠦᠭᠡᠢ ᠃
ᠤᠷᠢᠳ ᠠ᠋ᠴᠠ ᠤᠯᠠᠮ ᠢᠯᠡᠭᠦᠦ
ᠠᠭᠤᠷ ᠬᠢᠯᠢᠩ ᠪᠠᠲᠠᠷᠠᠭᠤᠯᠵᠤ
ᠡᠷᠲᠡᠨ ᠡᠴᠡ ᠨᠡᠩ ᠢᠯᠡᠭᠦᠦ
ᠡᠯᠲᠡᠪ ᠶ᠋ᠢᠡᠷ ᠬᠠᠷᠢᠶᠠᠨ ᠵᠠᠩᠨᠠᠵᠤ
ᠪᠣᠷᠣ ᠢᠰᠢᠭᠡ ᠪᠡᠷ
ᠪᠣᠷᠪᠢ ᠪᠠᠨ ᠳᠣᠯᠢᠶᠠᠯᠭᠠᠨ᠎ᠠ ᠃
ᠬᠦᠷᠡᠩ ᠢᠰᠢᠭᠡ ᠪᠡᠷ
ᠬᠦᠵᠦᠭᠦᠦ ᠪᠡᠨ ᠮᠠᠭᠠᠵᠢᠭᠤᠯᠤᠨᠠ ᠃
ᠰᠠᠷᠠᠯ ᠢᠰᠢᠭᠡ ᠪᠡᠷ
ᠰᠠᠬᠠᠯ ᠶ᠋ᠢᠠᠨ ᠢᠯᠪᠢᠬᠦᠯᠦᠨᠡ
ᠮᠤᠤᠰᠠᠶ᠋ᠢᠨ ᠢᠰᠢᠭᠡᠨ ᠪ
ᠮᠤᠬᠤᠷ ᠲᠣᠯᠣᠭᠠᠢ ᠶ᠋ᠢ ᠬᠠᠭᠠᠯᠤᠨ᠎ᠠ ᠭᠡᠳ
ᠤᠴᠢᠷ ᠦᠭᠡᠢ ᠶᠡᠬᠡ ᠬᠠᠰᠬᠢᠷᠲᠠᠯ᠎ᠠ
ᠤᠬᠤᠨ᠎ᠠ ᠢᠰᠢᠭᠡᠨ ᠪ ᠲᠣᠯᠣᠭᠠᠢ ᠳ᠋ᠤ᠌
ᠤᠲᠠᠰᠤ ᠰᠢᠭ᠋ ᠶᠠᠭᠤᠮ᠎ᠠ ᠲᠠᠰᠤᠷᠠᠵᠤ
ᠤᠷᠲᠤ ᠡᠪᠡᠷ ᠨᠢ ᠣᠶ᠋ᠢᠴᠢᠪᠠ ᠃
ᠬᠣᠶ᠋ᠢᠨ᠎ᠠ ᠤᠴᠢᠷ ᠊ᠢ ᠮᠡᠲᠡᠪᠡᠯ
ᠬᠣᠨᠢᠴᠢᠨ ᠬᠡᠦᠬᠡᠳ ᠲᠣᠭᠯᠠᠵᠤ
ᠬᠦᠰᠡᠷ᠎ᠡ ᠬᠣᠶᠠᠷ ᠡᠪᠡᠷ ᠊ᠢ
ᠬᠥᠲᠡᠭᠡ ᠡᠴᠡ ᠣᠯᠵᠤ ᠠᠪᠴᠢᠷᠠᠭᠠᠳ
ᠰᠠᠭᠰᠠᠭᠤ ᠢᠰᠢᠭᠡᠨ ᠪ ᠲᠣᠯᠣᠭᠠᠢ ᠳ᠋ᠤ᠌
ᠰᠠᠭᠠᠯᠲᠤᠷᠬ᠋ᠠ ᠤᠲᠠᠰᠤ ᠪᠠᠷ ᠤᠶᠠᠭᠰᠠᠨ ᠨᠢ
ᠰᠠᠨᠠᠮᠰᠠᠷ ᠦᠭᠡᠢ ᠶᠡᠬᠡ ᠠᠩᠭᠠᠶ᠋ᠢᠬᠤ ᠳ᠋ᠤ᠌
ᠰᠠᠶᠢ ᠲᠠᠰᠤᠷᠠᠨ ᠤᠨᠠᠵᠠᠢ ᠃
ᠵᠡᠭᠦᠮᠡᠯ ᠡᠪᠡᠷ ᠲᠡᠢ ᠪᠠᠶ᠋ᠢᠬᠤ ᠳ᠋ᠠᠭᠠᠨ
ᠵᠢᠷᠦᠬᠡ ᠨᠢ ᠰᠠᠭᠰᠠᠶ᠋ᠢᠲᠠᠭ ᠢᠰᠢᠭᠡ
ᠵᠢᠩᠬᠢᠨᠢ ᠡᠪᠡᠷ ᠨᠢ ᠤᠷᠭᠤᠪᠠᠯ
ᠵᠢᠭᠲᠡᠢ ᠶᠠᠭᠤᠮ᠎ᠠ ᠪᠣᠯᠤᠨ᠎ᠠ ᠳ᠋ᠠ ᠃
ᠶᠠᠷᠰᠢᠬᠲᠤ ᠡᠨᠡ ᠬᠡᠷᠡᠭ
ᠢᠮᠠᠭᠠᠨ ᠳ᠋ᠤ᠌ ᠲᠣᠬᠢᠶᠠᠯᠲᠤᠭᠰᠠᠨ ᠨᠢ ᠶᠠᠭᠠᠬᠢᠮᠠᠢ ᠳ᠋ᠠ
ᠬᠡᠷᠪᠡ ᠬᠥᠮᠦᠨ ᠳ᠋ᠤ᠌ ᠲᠣᠬᠢᠶᠠᠯᠲᠤᠪᠠᠯ
ᠬᠡᠴᠡᠭᠦᠦ ᠬᠡᠷᠡᠭ ᠪᠣᠯᠤᠨ᠎ᠠ ᠰᠢᠦ᠃
ᠮᠣᠩᠭᠣᠯ ᠦ᠋ᠨ ᠣᠷᠴᠢᠨ ᠦᠶ᠎ᠡ ᠶ᠋ᠢᠨ ᠤᠷᠠᠨ ᠵᠣᠬᠢᠶᠠᠯ ᠦ᠋ᠨ ᠳᠡᠭᠡᠵᠢᠰ 《 ᠪᠤᠭᠤᠷᠤᠯ ᠢᠵᠢᠢ ᠮᠢᠨᠢ》( ᠴ · ᠳᠠᠮᠳᠢᠨᠰᠦ᠋ᠷᠦᠩ ) ᠡᠴᠡ ᠬᠠᠭᠤᠯᠪᠠ ᠃
ᠬᠠᠭᠤᠯᠤᠭᠰᠠᠨ ᠨᠢ ᠄ ᠮᠢᠩᠭᠠᠳ ᠂ ᠴᠢᠮᠡᠭ
ᠬᠢᠨᠠᠭᠰᠠᠨ ᠨᠢ ᠄ ᠬᠠᠷᠠᠨᠤᠳ ᠂ ᠲᠤᠶᠠᠬ᠋᠎ᠠ
