ᠤᠮᠠᠷᠠᠲᠤ ᠶ᠋ᠢᠨ ᠤ᠌ᠢ ᠰᠢᠭᠤᠢ - ᠲ ᠂ ᠭᠣᠮᠪᠣᠵᠠᠪ Умардын ой шугуй - Т ᠂ Гомбожав
ᠤᠮᠠᠷᠠᠲᠤ ᠶ᠋ᠢᠨ ᠤ᠌ᠢ ᠰᠢᠭᠤᠢ
ᠲ ᠂ ᠭᠣᠮᠪᠣᠵᠠᠪ
1
ᠭᠠᠵᠠᠷ ᠦ᠋ᠨ ᠠᠮᠢᠲᠤ ᠦᠯᠢᠭᠡᠷ
ᠭᠠᠷ ᠶ᠋ᠢᠠᠷ ᠶ᠋ᠢᠠᠨ ᠲᠩᠷᠢ ᠡᠷᠭᠦᠬᠦ ᠭᠡᠰᠡᠨ
ᠤᠮᠠᠷᠠᠲᠤ ᠶ᠋ᠢᠨ ᠮᠢᠨᠢ ᠰᠠᠶ᠋ᠢᠬᠠᠨ ᠪᠣᠰᠤᠬ᠋᠎ᠠ ᠰᠠᠨᠠᠬ᠋᠎ᠠ
ᠣᠷᠣᠨ ᠴᠠᠭ ᠦ᠋ᠨ ᠠᠯᠠᠭᠠᠨ ᠳᠡᠭᠡᠷᠡᠬᠢ
ᠣᠮᠣᠭᠰᠢᠯ ᠭᠡᠮᠰᠢᠯ ᠦ᠋ᠨ ᠲᠡᠦᠬᠡ
ᠣᠷᠴᠢᠯᠠᠩ ᠦ᠋ᠨ ᠬᠠᠷ᠎ᠠ ᠴᠠᠭᠠᠨ ᠵᠡᠭᠦᠲᠦᠨ ᠪ
ᠵᠤᠵᠠᠭᠠᠨ ᠮᠣᠩᠭᠣᠯ ᠰᠤᠲᠤᠷ
ᠦᠷᠭᠦᠯᠵᠢ ᠮᠢᠨᠦ
ᠥᠪ ᠪᠣᠯᠭᠠᠨ ᠦᠷ᠎ᠡ ᠳ᠋ᠡᠭᠡᠨ ᠶᠠᠷᠢᠬᠤ
ᠥᠩᠭᠡᠷᠡᠭᠰᠡᠨ ᠣᠲᠣ ᠢᠷᠡᠭᠡᠲᠦᠢ ᠶ᠋ᠢᠨ
ᠦᠨᠡᠨ ᠳᠣᠮᠣᠭ ᠮᠥᠨ ᠪᠢᠯᠡ ᠴᠢ ! ᠁
2
ᠪᠥᠮᠪᠥᠷᠴᠡᠭ ᠦ᠋ᠨ ᠮᠢᠨᠢ ᠠᠷᠤ ᠨᠢᠷᠤᠭᠤ
ᠪᠦᠬᠦᠯᠢ ᠤᠯᠠᠷᠢᠯ
ᠪᠦᠬᠦᠯᠢ ᠤᠯᠠᠷᠢᠯ ᠶ᠋ᠢᠠᠷ ᠨᠠᠷᠠ ᠬᠣᠯᠠᠲᠠᠬᠤ ᠪᠠᠶ᠋ᠢᠷᠢ
ᠴᠢᠮᠠᠶ᠋ᠢ
ᠪᠦᠬᠡᠴᠡᠶ᠋ᠢᠯᠡᠵᠦ ᠶᠠᠪᠤᠭᠰᠠᠨ ᠭᠠᠷ ᠦ᠋ᠨ ᠠᠯᠠᠬ᠋᠎ᠠ ᠮᠥᠨ ᠪᠢᠯᠡ
ᠲᠤᠭᠤᠯᠵᠤ ᠡᠷᠭᠢᠬᠦ
ᠳᠣᠲᠣᠭᠠᠳᠤ ᠡᠬᠡ ᠬᠠᠭᠤᠷᠠᠢ ᠶ᠋ᠢᠨ ᠮᠢᠨᠢ ᠠᠮᠢᠰᠬᠤᠭ᠎ᠠ
ᠳᠠᠭᠤᠯᠠᠯ ᠤᠬᠢᠯᠠᠯ ᠊ᠢ ᠴᠢᠨᠢ ᠴᠢᠪᠬᠠᠲᠠᠭᠰᠠᠨ
ᠳᠣᠷᠣᠨ᠎ᠠ ᠳ᠋ᠠᠬᠢᠨ ᠪ ᠠᠷᠪᠠᠨ ᠬᠤᠷᠤᠭᠤ ᠪᠢᠯᠡ
ᠣᠨ ᠲᠡᠦᠬᠡ ᠳᠠᠭᠠᠵᠤ
ᠤᠯᠠᠮ ᠤᠯᠠᠮ ᠨᠢᠮᠭᠡᠷᠡᠬᠦ
ᠤᠭᠤᠯᠠᠢ
ᠰᠥᠭᠡ
ᠬᠢᠷᠥᠭᠡᠨ ᠪ ᠢᠷ
ᠲᠡᠷᠡ ᠪᠣᠯ ᠶᠠᠪᠤᠬᠤ ᠳᠣᠳᠣᠮ ᠨᠠᠷᠢᠰᠬᠤ ᠵᠠᠮ
ᠲᠡᠷᠡ ᠪᠣᠯ ᠴᠢᠨᠦ
ᠳᠣᠮᠣᠭ ᠳᠤᠷᠠᠳᠬᠠᠯ ᠶ᠋ᠢᠡᠨ ᠰᠤᠪᠤᠭᠤᠯᠵᠤ ᠶᠠᠪᠤᠬ᠋᠎ᠠ
ᠲᠡᠦᠬᠡ ᠶ᠋ᠢᠨ ᠮᠣᠷᠣᠢ ᠱᠤᠭᠤᠮ ᠶᠤᠮ ᠪᠢᠯᠡ ᠡ ᠁
3
ᠣᠨ ᠵᠢᠯ ᠦ᠋ᠨ ᠰᠤᠮᠤ
ᠣᠷᠣᠢ ᠪᠠᠷ ᠴᠢᠨᠢ ᠱᠤᠤᠭᠢᠵᠤ
ᠣᠯᠠᠨ ᠣᠯᠠᠨ ᠠᠭᠤᠯᠠᠰ ᠦ᠋ᠨ ᠣᠷᠭᠢᠯ ᠳᠠᠮᠵᠢᠨ ᠬᠣᠯᠠᠲᠠᠯᠠ
ᠴᠢ
ᠣᠩᠬᠤᠯᠢᠲᠠᠭ ᠦᠭᠡᠢ ᠳᠡᠯᠡᠬᠡᠢ ᠶ᠋ᠢᠨ ᠶ᠋ᠢᠡᠨ
ᠣᠮᠣᠭᠣᠯᠠᠩ ᠲᠣᠮᠣ ᠠᠯᠠᠭᠠᠨ ᠳᠡᠭᠡᠷ᠎ᠡ
ᠤᠬᠠᠭᠠᠨ ᠪᠣᠲᠣᠯ ᠠ᠋ᠴᠠ ᠤᠬᠠᠭᠠᠨ ᠪᠣᠲᠣᠯ ᠳᠠᠮᠵᠢᠨ
ᠤᠷᠭᠤᠵᠤ
ᠥᠰᠴᠦ
ᠥᠨᠲᠥᠷ ᠊ᠢ ᠡᠵᠡᠯᠡᠬᠦ ᠲᠤᠭ ᠪᠣᠯᠵᠤ
ᠤᠨᠠᠵᠤ
ᠵᠤᠯᠭᠠᠷᠠᠵᠤ
ᠵᠤᠯᠠᠢ ᠳᠠᠷᠤᠬᠤ ᠰᠢᠷᠬ᠎ᠠ ᠪᠣᠯᠵᠤ
ᠬᠥᠬᠡᠷᠡᠵᠦ
ᠨᠣᠭᠣᠭᠠᠷᠠᠵᠤ
ᠬᠥᠯᠲᠡᠵᠦ
ᠴᠠᠷᠴᠠᠵᠤ ᠢᠷᠡᠭᠰᠡᠨ ᠶᠤᠮ ᠠ᠋
ᠴᠡᠴᠡᠭᠡᠰ ᠦ᠋ᠨ ᠪᠠᠶᠠᠨ ᠥᠩᠭᠡ ᠪᠡᠷ ᠰᠣᠯᠣᠩᠭᠠᠷᠠᠬᠤ
ᠴᠢᠨᠦ ᠤᠷᠤᠭᠤᠲᠠᠯ ᠥᠭᠡᠲᠡᠯᠡᠯ ᠦ᠋ᠨ ᠤᠯᠠᠭᠠᠨ ᠨᠣᠭᠣᠭᠠᠨ ᠮᠥᠷ
ᠡᠲᠯᠡᠵᠦ ᠬᠠᠩᠬᠤ ᠦᠭᠡᠢ ᠣᠮᠣᠭᠰᠢᠯ
ᠡᠭᠰᠢᠵᠦ ᠴᠢᠲᠠᠬᠤ ᠦᠭᠡᠢ ᠬᠠᠷᠠᠮᠰᠠᠯ ᠦ᠋ᠨ
ᠡᠵᠢ ᠨᠠᠭᠤᠷ ᠲᠣᠨᠣᠭᠰᠠᠨ ᠶᠤᠮ ᠠ᠋ ᠁
4
ᠴᠣᠭᠰᠢᠨ ᠡᠷᠭᠢᠬᠦ ᠨᠠᠷᠠᠨ ᠪ ᠭᠡᠷᠡᠯ ᠳ᠋ᠤ᠌ ᠂ ᠴᠢᠨᠦ
ᠴᠣᠭᠣᠷᠬᠠᠢ ᠰᠢᠷ᠎ᠠ ᠰᠡᠭᠦᠲᠡᠷ ᠦ᠋ᠨ ᠴᠢᠨᠢ ᠳᠣᠣᠷ᠎ᠠ ᠪᠢ ᠢᠷᠡᠵᠦ ᠵᠣᠭᠰᠣᠯ᠎ᠠ
ᠨᠠᠪᠴᠢᠰ ᠦ᠋ᠨ ᠴᠢᠨᠢ ᠤᠯᠠᠨ ᠤᠷᠠᠩᠬᠠᠢ ᠨᠦᠬᠡ ᠪᠡᠷ
ᠨᠠᠷᠠᠨ ᠪ ᠭᠠᠯ ᠤᠨᠠᠨ᠎ᠠ ᠡ
ᠬᠠᠯᠠᠭᠤᠴᠠᠬᠤ ᠳ᠋ᠠᠭᠠᠨ ᠪᠢ
ᠴᠤᠪᠤᠵᠤ ᠬᠣᠯᠠᠲᠠᠭᠰᠠᠨ ᠳᠤᠷᠠᠳᠬᠠᠯ ᠦ᠋ᠨ ᠴᠢᠨᠢ
ᠴᠡᠯ ᠨᠣᠭᠣᠭᠠᠨ ᠰᠡᠭᠦᠲᠡᠷ ᠤᠷᠤᠭᠤ ᠳᠤᠲᠠᠭᠠᠯ᠎ᠠ ᠁
ᠨᠠᠮᠤᠷ ᠦ᠋ᠨ ᠰᠠᠯᠬᠢ ᠰᠢᠷᠭᠤᠵᠤ ᠪᠠᠭᠲᠠᠮ᠎ᠠ ᠦᠭᠡᠢ
ᠨᠠᠮᠠᠭᠠᠳ ᠦ᠋ᠨ ᠴᠢᠨᠢ ᠲᠦᠮᠡᠨ ᠠᠯᠠᠬ᠋᠎ᠠ ᠰᠢᠭᠦᠷᠯᠡᠵᠤ
ᠨᠠᠮᠠᠶ᠋ᠢ ᠴᠢᠨᠦ ᠵᠠᠯᠠᠭᠤ ᠨᠠᠰᠤ
ᠨᠠᠪᠴᠢᠰ ᠦ᠋ᠨ ᠨᠣᠭᠣᠭᠠᠨ ᠪᠣᠲᠣᠭ ᠶ᠋ᠢᠠᠷ ᠪᠦᠪᠠᠶ᠋ᠢᠯᠠᠨᠠ
ᠤᠷᠮᠠᠰ ᠬᠥᠭᠵᠢᠭᠰᠡᠨ ᠰᠢᠪᠠᠭᠤᠳ ᠦ᠋ᠨ ᠴᠢᠨᠢ ᠳᠠᠭᠤ
ᠤᠰᠤᠨ ᠴᠡᠩᠬᠡᠷ ᠳᠤᠰᠤᠯᠠᠵᠤ
ᠲᠤᠯᠬᠤ ᠦᠭᠡᠢ ᠲᠩᠷᠢ ᠵᠦᠭ ᠲᠤᠭ ᠰᠢᠭ᠋ ᠳᠠᠯᠠᠪᠴᠢ ᠪᠠᠨ ᠳᠡᠯᠭᠡᠭᠰᠡᠨ
ᠲᠣᠮᠣ ᠤᠯᠠᠭᠠᠨ ᠪᠦᠷᠭᠦᠳ ᠦ᠋ᠨ ᠴᠢᠨᠢ ᠰᠤᠮᠤᠲᠠᠯ
ᠰᠡᠤᠠᠬᠢᠯ ᠬᠠᠯᠠᠭᠤᠴᠠᠭᠰᠠᠨ ᠨᠠᠲᠠ ᠤᠷᠤᠭᠤ
ᠰᠡᠷ ᠰᠡᠷ ᠰᠠᠯᠬᠢ ᠬᠦᠪᠢᠨᠡ ᠡ
ᠪᠤᠲᠠᠨ ᠪ ᠴᠢᠨᠢ ᠤᠭ ᠶ᠋ᠢᠠᠷ ᠰᠦᠯᠵᠢᠯᠲᠦᠬᠦ
ᠪᠥᠵᠥᠩ ᠲᠠᠤᠯᠠᠢ ᠶ᠋ᠢᠨ ᠡᠩᠬᠡ ᠶᠠᠷᠢᠬᠰᠠᠨ ᠮᠥᠷ
ᠪᠣᠰᠤᠬ᠋᠎ᠠ ᠬᠠᠪᠴᠢᠯ ᠦ᠋ᠨ ᠴᠢᠨᠢ ᠰᠦᠷ ᠊ᠢ ᠮᠠᠨᠠᠬᠤ
ᠪᠤᠬᠠᠨ ᠬᠦᠷᠡᠩ ᠪᠠᠷᠰ ᠦ᠋ᠨ ᠠᠩ ᠳᠠᠷᠤᠭᠰᠠᠨ ᠵᠡᠭᠦᠲᠦ
ᠳᠤᠷᠠᠳᠬᠠᠯ ᠳ᠋ᠤ᠌ ᠤᠨᠠᠭᠰᠠᠨ ᠮᠢᠨᠦ ᠪᠣᠲᠣᠯ ᠊ᠢ
ᠳᠤᠷᠠᠲᠠᠢ ᠦᠭᠡ ᠪᠡᠷ ᠠᠷᠭᠠᠲᠠᠬᠤ ᠳ᠋ᠤ᠌ ᠪᠢ ᠤᠨᠲᠠᠴᠢᠯᠠ
ᠪᠡᠶ᠎ᠡ ᠮᠢᠨᠢ ᠵᠢᠭᠠᠬᠠᠨ ᠬᠥᠩᠭᠡᠷᠡᠬᠦ ᠪᠡᠷ ᠨᠢ
ᠪᠢ ᠳᠠᠬᠢᠭᠠᠳ ᠰᠡᠷᠢᠴᠢᠯᠡ
ᠪᠣᠰᠤᠭᠠᠳ ᠦᠵᠡᠪᠡᠯ ᠂ ᠪᠢ ᠮᠥᠨ ᠯᠡ
ᠴᠣᠭᠰᠢᠨ ᠡᠷᠭᠢᠬᠦ ᠨᠠᠷᠠᠨ ᠪ ᠭᠡᠷᠡᠯ ᠳ᠋ᠤ᠌ ᠴᠢᠨᠦᠬᠢ ᠪᠡᠨ
ᠴᠣᠭᠣᠷᠬᠠᠢ ᠰᠢᠷ᠎ᠠ ᠰᠡᠭᠦᠲᠡᠷ ᠳᠣᠣᠷ᠎ᠠ ᠵᠣᠭᠰᠣᠵᠤ ᠪᠠᠶ᠋ᠢᠯ᠎ᠠ ᠡ
5
ᠣᠢ ᠰᠢᠭᠤᠢ ᠮᠢᠨᠢ ᠠ᠋
ᠤᠶ᠋ᠢᠤᠠᠬᠠᠷᠲᠠᠶ᠋ᠢᠬᠠᠨ ᠱᠤᠤᠭᠢᠬᠤ ᠴᠢᠨᠦ ᠰᠡᠤᠠᠬᠢᠯ ᠶᠠᠭᠠᠬᠢᠬᠰᠠᠨ ᠬᠦᠨᠲᠦ ᠪᠢᠯᠡ ?
ᠨᠠᠷᠠ ᠂ ᠰᠠᠷ᠎ᠠ ᠂ ᠣᠲᠣ
ᠣᠭᠲᠠᠷᠭᠤᠢ ᠴᠣᠭᠣᠴᠢᠬᠰᠠᠨ ᠬᠤᠷᠤᠭᠤᠤᠨ ᠦ᠋ᠨ ᠴᠢᠨᠢ ᠣᠷᠣᠮ ᠨᠢᠭᠡᠨᠲᠡ ᠪᠠᠯᠠᠷᠠᠰᠢᠨ
ᠣᠤᠠᠴᠤ ᠬᠣᠯᠠᠲᠠᠭᠰᠠᠨ ᠮᠥᠷᠥᠭᠡᠲᠦᠯ ᠦ᠋ᠨ ᠴᠢᠨᠢ
ᠣᠷᠣ ᠬᠣᠭᠣᠰᠣᠨ ᠡᠭᠦᠷ ᠬᠣᠩᠬᠣ ᠰᠢᠭᠬᠡᠨ ᠰᠡᠨᠵᠢᠭᠢᠨᠡᠵᠦ
ᠠᠭᠤᠯᠠᠰ ᠴᠢᠨᠢ ᠳᠠᠮ ᠳᠠᠮ ᠳᠠᠮ ᠶ᠋ᠢᠠᠷ ᠶ᠋ᠢᠠᠨ
ᠳ᠋ᠠᠢ ᠵᠠᠭᠤᠭᠰᠠᠨ ᠡᠪᠦᠭᠡᠳ ᠰᠢᠭ᠌ ᠲᠦᠭᠰᠦᠢᠨ
ᠳᠡᠯᠪᠡᠯᠵᠡᠨ ᠤᠨᠠᠬᠤ ᠵᠠᠶᠠᠭᠠᠨ ᠪ ᠴᠢᠨᠢ ᠳᠣᠣᠷ᠎ᠠ
ᠳᠠᠯᠠᠨ ᠬᠠᠷ᠎ᠠ ᠬᠣᠲᠦᠯᠵᠠᠵᠤ ᠪᠠᠶ᠋ᠢᠨ᠎ᠠ !
ᠨᠠᠮᠤᠷ ᠦ᠋ᠨ ᠡᠨᠡ ᠤᠯᠠᠷᠢᠯ
ᠨᠠᠷᠠ ᠴᠢᠮ᠎ᠠ ᠠ᠋ᠴᠠ ᠤᠯᠠᠮ ᠤᠯᠠᠮ ᠵᠠᠶ᠋ᠢᠰᠴᠤ
ᠨᠠᠪᠴᠢᠰ ᠦ᠋ᠨ ᠴᠢᠨᠢ ᠲᠡᠷᠡ
ᠤᠨᠠᠬᠤ ᠳᠣᠳᠣᠮ ᠰᠢᠩᠭᠡᠷᠡᠬᠦ ᠪᠣᠷᠣᠬ᠋᠎ᠠ
ᠭᠠᠵᠠᠷ ᠦ᠋ᠨ ᠬᠥᠷᠥᠰᠥ ᠴᠣᠬᠣᠷᠯᠠᠭᠤᠯᠵᠤ
ᠨᠠᠰᠤᠲᠠᠢ ᠡᠮᠡᠭᠡ ᠶ᠋ᠢᠨ ᠮᠢᠨᠢ ᠰᠢᠲᠦᠨ ᠪᠥᠢᠯᠨ ᠰᠢᠭ᠋
ᠪᠣᠲᠣᠯ ᠦ᠋ᠨ ᠴᠢᠨᠢ ᠣᠩᠭᠣᠷᠬᠠᠢ ᠪᠠᠷ ᠱᠤᠤᠭᠢᠬᠤ
ᠴᠠᠭ ᠦ᠋ᠨ ᠰᠢᠷᠭᠠᠯᠬᠠᠨ ᠭᠤᠨᠢᠬ
ᠴᠠᠰᠤ ᠮᠥᠰᠥᠨ ᠪ ᠠᠶ᠋ᠢᠰᠤᠢ ᠴᠢᠮᠡᠭᠡ ᠶ᠋ᠢ
ᠴᠠᠭᠠᠨ᠎ᠠ ᠠ᠋ᠴᠠ ᠨᠡᠰᠢ ᠰᠢᠪᠡᠨᠡᠵᠦ ᠢᠷᠡᠨ᠎ᠡ
ᠴᠠᠪᠴᠢᠬᠲᠠᠭᠰᠠᠨ ᠮᠣᠲᠣᠨ ᠪ ᠴᠢᠨᠢ ᠶᠣᠵᠣᠭᠣᠷ
ᠴᠢᠨᠦ ᠣᠯᠠᠨ
ᠴᠢᠰᠤ ᠤᠷᠤᠰᠤᠬ᠋ᠠ ᠦᠭᠡᠢ ᠰᠢᠷᠬᠠᠨ ᠠ᠋ᠴᠠ ᠨᠢᠯᠪᠤᠰᠤ ᠤᠷᠤᠰᠤᠨ
ᠴᠢᠮ᠎ᠠ ᠪᠠᠨ ᠭᠡᠵᠦ ᠰᠠᠨᠠᠵᠤ ᠶᠠᠪᠤᠭᠰᠠᠨ ᠠᠩᠴᠢᠳ ᠦ᠋ᠨ
ᠴᠢᠷᠠᠢ ᠠᠯᠲᠠᠭᠰᠠᠨ ᠰᠡᠤᠠᠬᠢᠯ
ᠦᠲᠡᠰᠢ ᠶ᠋ᠢᠨ ᠬᠦᠨᠲᠦᠬᠡᠨ ᠨᠠᠷᠠ ᠰᠢᠭ᠋
ᠥᠮᠴᠢ ᠲᠩᠷᠢ ᠡᠴᠡ ᠪᠡᠨ ᠤᠨᠠᠨ᠎ᠠ ᠁
ᠣᠢ ᠰᠢᠭᠤᠢ ᠮᠢᠨᠢ ᠠ᠋
ᠤᠶ᠋ᠢᠤᠠᠬᠠᠷᠲᠠᠶ᠋ᠢᠬᠠᠨ ᠱᠤᠤᠭᠢᠬᠤ ᠰᠡᠤᠠᠬᠢᠯ ᠦ᠋ᠨ ᠴᠢᠨᠢ ᠠᠮᠢᠰᠬᠤᠭᠠᠨ ᠳ᠋ᠤ᠌
ᠪᠢ ᠬᠠᠷ᠎ᠠ ᠳᠠᠷᠤᠵᠤ ᠪᠠᠶ᠋ᠢᠨ᠎ᠠ ᠡ !
6
ᠤᠰᠤᠨ ᠳᠤᠮᠳᠠᠬᠢ ᠥᠨᠥᠴᠢᠨ ᠠᠷᠠᠯ
ᠤᠮᠠᠷᠠᠲᠤ ᠶ᠋ᠢᠨ ᠣᠢ ᠰᠢᠭᠤᠢ ᠮᠢᠨᠢ ᠠ᠋
ᠤᠷᠤᠭᠰᠢ ᠬᠠᠷᠠᠪᠠᠯ
ᠭᠠᠩ ᠢᠷ ᠲᠡᠢ ᠦᠶᠡᠷ
ᠴᠢᠮ᠎ᠠ ᠤᠷᠤᠭᠤ ᠱᠤᠤᠭᠢᠨ᠎ᠠ ᠪᠢᠯᠡ
ᠬᠠᠷᠠᠬᠤ ᠠ᠋ᠴᠠ ᠬᠠᠷᠠᠬ᠋᠎ᠠ ᠮᠢᠨᠢ ᠬᠠᠯᠢᠷᠠᠨ᠎ᠠ
ᠬᠠᠨ ᠬᠣᠷᠸ᠋᠎ᠠ ᠶ᠋ᠢᠨ ᠵᠢᠷᠦᠬᠡᠨ ᠴᠣᠬᠢᠯᠬ᠋ᠠ ᠵᠣᠭᠰᠣᠬᠤ ᠰᠢᠭ᠋
ᠬᠠᠮᠤᠭ ᠭᠡᠷᠡᠯ ᠤᠨᠲᠠᠷᠠᠨ᠎ᠠ ᠁
ᠰᠠᠨᠲᠤᠷᠬᠤ ᠳ᠋ᠠᠭᠠᠨ ᠪᠢ
ᠰᠠᠨᠰᠠᠷ ᠲᠦ ᠠᠨᠢᠪᠴᠢᠬᠤ ᠬᠣᠶᠠᠷ ᠨᠢᠲᠦᠨ ᠳ᠋ᠤ᠌
ᠰᠠᠬᠠᠯ ᠤᠷᠭᠤᠲᠠᠯᠠ ᠪᠠᠨ ᠵᠠᠯᠪᠠᠷᠢᠵᠤ ᠵᠣᠭᠰᠣᠯ᠎ᠠ ᠡ ! ᠁
ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌
< ᠢᠷᠡᠬᠦ ᠵᠠᠭᠤᠨ ᠤ ᠬᠣᠩᠬᠣᠨ ᠳᠠᠭᠤᠨ > ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ ᠄ ᠪᠠᠭᠠᠲᠤᠷ
ᠬᠢᠨᠠᠭ᠍ᠴᠢ : ᠴᠣᠯᠮᠣᠨᠲᠤᠶᠠᠭ᠎ᠠ
2023 ᠣᠨ ᠪ 5 ᠰᠠᠷ᠎ᠠ ᠶ᠋ᠢᠨ 7
