3-04ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠲᠣᠯᠣᠭᠠᠢ ᠶ᠋ᠢᠨ ᠡᠪᠡᠳᠴᠢᠨ ᠊ᠢ ᠵᠠᠰᠠᠬᠤ ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. 3-04ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠲᠣᠯᠣᠭᠠᠢ ᠶ᠋ᠢᠨ ᠡᠪᠡᠳᠴᠢᠨ ᠊ᠢ ᠵᠠᠰᠠᠬᠤ

3-04ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠲᠣᠯᠣᠭᠠᠢ ᠶ᠋ᠢᠨ ᠡᠪᠡᠳᠴᠢᠨ ᠊ᠢ ᠵᠠᠰᠠᠬᠤ

ᠠᠩᠭᠢᠯᠠᠯ:ᠡᠷᠡᠭᠦᠯ ᠡᠩᠬᠡ
2023-05-08

294

ᠲᠣᠯᠣᠭᠠᠢ ᠶ᠋ᠢᠨ ᠡᠪᠡᠳᠴᠢᠨ ᠊ᠢ ᠵᠠᠰᠠᠬᠤ

  ᠭᠡᠰᠢᠭᠦᠦ ᠶ᠋ᠢᠨ ᠳᠡᠭᠡᠳᠦ ᠬᠡᠮᠡᠬᠦ ᠲᠣᠯᠣᠭᠠᠢ ᠶ᠋ᠢᠨ ᠡᠪᠡᠳᠴᠢᠨ ᠳ᠋ᠦ᠍ᠷ ᠂ ᠠᠷᠢᠬᠢ ᠤᠤᠭᠤᠬᠤ ᠂ ᠡᠳᠦᠷ ᠤᠨᠲᠠᠬᠤ ᠂ ᠲᠠᠴᠢᠶᠠᠯ ᠶᠠᠪᠤᠳᠠᠯ ᠬᠡᠲᠦᠷᠡᠭᠰᠡᠨ ᠡᠴᠡ ᠡᠭᠦᠰᠬᠦ ; ᠠᠷᠢᠬᠢᠨ ᠠ᠋ᠴᠠ ᠰᠢᠷ᠎ᠠ ᠂ ᠨᠣᠶ᠋ᠢᠷ ᠠ᠋ᠴᠠ ᠪᠠᠤᠠᠭ‍ᠠᠨ ᠴᠢᠰᠤ ᠂ ᠲᠠᠴᠢᠶᠠᠯ ᠂ ᠬᠠᠲᠠᠭᠤ ᠶᠠᠪᠤᠳᠠᠯ ᠠ᠋ᠴᠠ ᠬᠡᠢ ᠢᠨᠦ ᠳᠡᠭᠡᠭᠰᠢ ᠳᠠᠪᠠᠷᠠᠵᠤ ᠂ ᠪᠦᠬᠦᠯᠢ ᠪᠤᠶᠤ ᠲᠠᠯ᠎ᠠ ᠲᠣᠯᠣᠭᠠᠢ ᠡᠪᠡᠳᠬᠦᠢ ᠳ᠋ᠦ᠍ᠷ ᠳᠡᠭᠡᠷ᠎ᠡ ᠳᠤᠷᠠᠳᠤᠭᠰᠠᠨ ᠲᠣᠯᠣᠭᠠᠢ ᠶ᠋ᠢᠨ ᠱ᠋ᠢᠵᠨ ᠪᠤᠶᠤ ᠰᠠᠭᠠᠯᠢ ᠶ᠋ᠢᠨ ᠠᠷᠢᠬᠢᠨ ᠳ᠋ᠤ᠌ ᠬᠠᠷ᠎ᠠ ᠬᠥᠬᠥᠯ ᠨᠢᠭᠡ ᠲᠦᠨ ᠦ᠌ ᠲᠡᠳᠦᠢ ᠂ ᠺᠠᠷᠤᠼᠤᠸᠠ ᠣᠭᠣᠲᠣᠨ᠎ᠠ ᠶ᠋ᠢᠨ ᠬᠣᠷᠣᠭᠤᠯ ᠤ᠋ᠨ ᠲᠡᠳᠦᠢ ᠶ᠋ᠢ ᠪᠤᠴᠠᠯᠭᠠᠵᠤ ᠤᠤᠭᠤ ᠃ ᠦᠬᠡᠷ ᠬᠣᠨᠢᠨ ᠲᠣᠯᠣᠭᠠᠢ ᠶ᠋ᠢᠨ ᠠᠷᠠᠰᠤᠨ ᠳ᠋ᠤᠷ ᠬᠥᠬᠥᠯ ᠊ᠢ ᠲᠣᠰᠣᠨ ᠳ᠋ᠤ᠌ ᠨᠠᠶ᠋ᠢᠷᠠᠭᠤᠯᠵᠤ ᠰᠦᠷᠴᠢᠭᠡᠳ ᠲᠣᠯᠣᠭᠠᠢ ᠳ᠋ᠤᠷ ᠡᠮᠦᠰᠬᠡᠪᠡᠰᠦ ᠳᠠᠷᠤᠢ ᠲᠦᠷᠭᠡᠨ ᠠᠮᠤᠷᠯᠢᠬᠤ ᠪᠣᠯᠤᠨ᠎ᠠ ᠃
ᠰᠢᠷ᠎ᠠ ᠪᠠᠷ ᠲᠣᠯᠣᠭᠠᠢ ᠬᠠᠳᠬᠤᠯᠠᠵᠤ ᠡᠪᠡᠳᠪᠡᠰᠦ ᠮᠢᠲ᠋ᠤᠳ ᠂ ᠬᠠᠷ᠎ᠠ ᠬᠥᠬᠥᠯ ᠂ ᠳ᠋ᠢᠭᠳᠡ ᠂ ᠮᠠᠨᠤ ᠂ ᠭᠦᠷᠭᠦᠮ ᠂ ᠷᠦᠳᠠ ᠶ᠋ᠢ ᠪᠤᠴᠠᠯᠭᠠᠭᠰᠠᠨ ᠭᠠᠷᠤᠳᠢ ᠶ᠋ᠢᠨ ᠬᠢᠮᠤᠰᠤ —5 ᠳᠠᠩ ᠊ᠢ ᠥᠭ ᠃ ᠶᠡᠬᠡ ᠳᠠᠩ —25 ᠪᠠᠷ ᠣᠯᠠᠨᠲᠠ ᠬᠠᠯᠠᠭᠤᠨ ᠳᠡᠭᠡᠷ᠎ᠡ ᠨᠢ ᠤᠬᠢᠶᠠ ᠃
ᠪᠠᠤᠠᠭ‍ᠠᠨ ᠴᠢᠰᠤᠨ ᠰᠢᠯᠲᠠᠭᠠᠨ ᠢ᠋ᠶ᠋ᠠᠷ ᠲᠣᠯᠣᠭᠠᠢ ᠡᠪᠡᠳᠪᠡᠰᠦ ᠮᠢᠲ᠋ᠤᠳ ᠂ ᠬᠠᠷ᠎ᠠ ᠬᠥᠬᠥᠯ ᠊ᠢ ᠨᠡᠮᠡᠭᠰᠡᠨ ᠳᠣᠯᠣᠭᠠᠨ ᠳᠠᠩ ᠊ᠢ ᠥᠭ ᠃ ᠮᠠᠩᠨᠠᠢ ᠶ᠋ᠢᠨ ᠰᠤᠳᠠᠯ ᠊ᠢ ᠬᠠᠨᠠᠬᠤ ᠪᠥᠭᠡᠳ ᠤᠰᠤᠨ ᠲᠠᠰᠢᠭᠤᠷ ᠊ᠢ ᠣᠯᠠᠨᠲᠠ ᠤᠶ᠋ᠢᠯᠡᠳ ᠃
ᠲᠣᠯᠣᠭᠠᠢ ᠶ᠋ᠢᠨ ᠬᠣᠵᠢᠭᠢᠷ ᠂ ᠣᠷᠣᠢ ᠬᠠᠯᠵᠠᠨ ᠳ᠋ᠤᠷ ᠬᠠᠷ᠎ᠠ ᠦᠬᠡᠷ ᠦ᠋ᠨ ᠰᠢᠭᠡᠰᠦᠨ ᠳ᠋ᠦ᠍ᠷ ᠶᠦᠩᠭᠠᠷ ᠤ᠋ᠨ ᠲᠠᠯᠬ᠎ᠠ ᠶ᠋ᠢ ᠳᠡᠪᠲᠦᠭᠡᠵᠦ ᠰᠦᠷᠴᠢᠪᠡᠰᠦ ᠶᠠᠷ᠎ᠠ ᠨᠢ ᠡᠳᠡᠭᠡᠷᠡᠮᠦᠢ ᠃ ᠰᠡᠭᠦᠯ ᠳ᠋ᠦ᠍ᠷ ᠭᠠᠬᠠᠢ ᠶ᠋ᠢᠨ ᠰᠣᠶᠣᠭᠠᠨ ᠦᠨᠡᠰᠦ ᠂ ᠭᠦᠢᠯᠡᠰᠦᠨ ᠴᠥᠮ᠎ᠡ ᠂ ᠯᠠᠷᠽᠢ ᠨᠤᠭᠤᠳ ᠊ᠢ ᠴᠠᠭᠠᠨ ᠲᠣᠰᠣᠨ ᠳ᠋ᠤ᠌ ᠨᠠᠶ᠋ᠢᠷᠠᠭᠤᠯᠵᠤ ᠰᠦᠷᠴᠢᠪᠡᠰᠦ ᠦᠰᠦ ᠣᠷᠭᠣᠮᠤᠢ ᠃ ᠠᠯᠢᠨ ᠴᠤ᠌ ᠡᠰᠡ ᠲᠤᠰᠠᠯᠠᠪᠠᠰᠤ ᠰᠢᠯᠢᠨ ᠬᠦᠵᠦᠭᠦᠨ ᠦ᠌ ᠭᠤᠷᠪᠠᠨ ᠬᠣᠩᠬᠣᠷ ᠊ᠢ ᠲᠥᠭᠡᠨᠡ ᠃
ᠲᠣᠯᠣᠭᠠᠢ ᠳ᠋ᠤᠷ ᠶᠠᠷ᠎ᠠ ᠭᠠᠷᠬᠤ ᠪᠠ ᠲᠠᠷᠢᠬᠢ ᠬᠠᠳᠬᠤᠯᠠᠬᠤ ᠂ ᠶᠠᠮ᠎ᠠ ᠳ᠋ᠤᠷ ( ᠡᠷᠳᠡᠨᠢ ᠶ᠋ᠢᠨ ᠣᠷᠣᠢ ᠶ᠋ᠢᠨ ᠲᠤᠭᠤᠯᠪᠤᠷᠢ ᠠᠨᠤ ) ᠲᠠᠷᠨᠤ ᠂ ᠳ᠋ᠦ᠋ᠷᠵᠢᠳ ᠂ ᠵᠠᠩᠷᠾᠨ ᠂ ᠵᠠᠼᠤᠸᠨ ᠂ ᠰᠢᠩᠼᠠ ᠂ ᠪᠢᠪᠢᠯᠢᠩ ᠂ ᠠᠷᠤᠷ᠎ᠠ ᠂ ᠷᠦᠳᠠ ᠂ ᠰᠸᠩᠳᠸᠩ ᠬᠠᠨᠳᠠ ᠂ ᠪᠣᠶ᠋ᠢᠭᠠᠷ ᠂ ᠲᠠᠯᠭᠠᠳᠣᠷᠵᠢ ᠂ ᠰᠤᠮᠠᠷᠠᠨᠽᠠ ᠂ ᠵᠠᠽᠤᠢ ᠂ ᠪᠠᠩᠪᠤᠢ ᠂ ᠯᠠᠷᠽᠢ ᠂ ᠶᠸᠮᠤᠩ ᠂ ᠶᠦᠩᠭᠠᠷ ᠲᠡᠷᠢᠭᠦᠲᠡᠨ ᠊ᠢ ᠠᠷᠢᠬᠢᠨ ᠳ᠋ᠤᠷ ᠴᠢᠨᠠᠵᠤ ᠂ ᠠᠶ᠋ᠢᠷᠠᠭ ᠤ᠋ᠨ ᠲᠡᠳᠦᠢ ᠪᠣᠯᠬᠤ ᠳ᠋ᠤ᠌ ᠦᠰᠦ ᠶ᠋ᠢ ᠨᠢ ᠬᠤᠰᠤᠭᠠᠳ ᠱᠠᠷᠢ ᠶ᠋ᠢᠨ ᠲᠡᠳᠦᠢ ᠰᠥᠷᠴᠢ ᠃ ᠨᠣᠶ᠋ᠢᠲᠠᠨ ᠠᠷᠠᠰᠤ ᠪᠠᠷ ᠪᠦᠷᠬᠦᠵᠦ ᠂ ᠤᠨᠠᠭᠠᠬᠤ ᠦᠭᠡᠢ ᠠᠷᠭ᠎ᠠ ᠶ᠋ᠢ ᠬᠢᠵᠦ ᠡᠳᠦᠷ ᠰᠥᠨᠢ ᠬᠣᠶᠠᠷ ᠣᠷᠢᠶᠠᠵᠤ ᠳᠡᠪᠲᠦᠭᠡ ᠃ ᠬᠠᠲᠠᠭᠰᠠᠨ ᠳᠠᠷᠤᠢ ᠠᠪᠤᠮᠠᠭᠴᠠ ᠭᠤᠯᠢᠷ ᠊ᠢ ᠲᠣᠰᠣᠨ ᠳ᠋ᠤ᠌ ᠵᠢᠭᠤᠷᠠᠵᠤ ᠨᠢᠭᠲᠠ ᠰᠦᠷᠴᠢᠪᠡᠰᠦ ᠮᠠᠭᠠᠳ ᠡᠳᠡᠭᠡᠷᠡᠮᠦᠢ ᠃ ᠤᠤᠭᠤᠬᠤ ᠡᠮ ᠄ ᠭᠠᠷᠤᠳᠢ —5 ᠤ᠋ ᠳᠡᠭᠡᠷ᠎ᠡ ᠬᠥᠬᠥᠯ ᠊ᠢ ᠨᠡᠮᠡᠵᠦ ᠥᠭ ᠂ ᠢᠳᠡᠭᠡᠨ ᠶᠠᠪᠤᠳᠠᠯ ᠊ᠢ ᠴᠡᠭᠡᠷᠯᠡ ᠃
   ᠦᠰᠦᠭ ᠠᠮᠢᠯᠠᠭᠤᠯᠤᠭᠴᠢ ᠄ ᠱᠠᠭᠰᠠᠯ
   ᠬᠢᠨᠠᠭᠴᠢ ᠄ ᠣᠤᠠᠬᠠᠨᠰᠣ ‍ᠠ᠋