ᠵᠦᠢᠷ ᠦᠭᠡ ᠪᠠ ᠣᠨᠢᠰᠣᠬ᠋᠎ᠠ ( ᠬᠡᠯᠡ ᠪᠢᠴᠢᠭ – ᠶᠢᠰᠦᠳᠦᠭᠡᠷ ᠳᠡᠪᠲᠡᠷ) Зүйр үг ба оньсого( Хэл бичиг – Есдүгээр дэвтэр)
ᠵᠦᠢᠷ ᠦᠭᠡ ᠪᠠ ᠣᠨᠢᠰᠣᠬ᠋᠎ᠠ
ᠵᠦᠢᠷ ᠦᠭᠡ
ᠵᠠᠩ ᠰᠠᠶ᠋ᠢᠲᠠᠢ ᠬᠥᠮᠦᠨ ᠳᠤ ᠨᠥᠬᠥᠷ ᠣᠯᠠᠨ
ᠵᠠᠮᠠᠭ ᠰᠠᠶ᠋ᠢᠲᠠᠢ ᠤᠰᠤᠨ ᠳᠤ ᠵᠢᠭᠠᠰᠤ ᠣᠯᠠᠨ᠃
ᠬᠣᠪᠴᠢ ᠬᠥᠮᠦᠨ ᠳᠤ ᠨᠥᠬᠥᠷ ᠦᠭᠡᠢ
ᠬᠤᠪᠠᠬᠠᠢ ᠮᠣᠲᠣᠨ ᠳᠤ ᠨᠠᠪᠴᠢ ᠦᠭᠡᠢ᠃
ᠬᠤᠲᠠᠯ ᠬᠡᠯᠡᠪᠡᠯ ᠬᠠᠤᠯᠢ ᠬᠡᠴᠡᠭᠦᠦ
ᠬᠤᠯᠠᠭᠠᠢ ᠬᠢᠪᠡᠯ ᠴᠠᠭᠠᠵᠠ ᠬᠡᠴᠡᠭᠦᠦ᠃
ᠬᠥᠮᠦᠨ ᠪ ᠰᠠᠶ᠋ᠢᠨ ᠦᠨᠡᠨ ᠳ᠋ᠡᠭᠡᠨ ᠪᠠᠶ᠋ᠢᠲᠠᠭ
ᠬᠥᠯᠦᠭ ᠦ᠋ᠨ ᠰᠠᠶ᠋ᠢᠨ ᠴᠢᠲᠠᠯ ᠳ᠋ᠠᠭᠠᠨ ᠪᠠᠶ᠋ᠢᠲᠠᠭ᠃
ᠡᠳ᠋ ᠶ᠋ᠢᠡᠷ ᠪᠡᠶ᠎ᠡ ᠪᠡᠨ ᠴᠢᠮᠡᠭᠰᠡᠨ ᠡᠴᠡ
ᠡᠷᠲᠡᠮ ᠶ᠋ᠢᠡᠷ ᠪᠡᠶ᠎ᠡ ᠪᠡᠨ ᠴᠢᠮᠡᠭᠰᠡᠨ ᠳᠡᠭᠡᠷ᠎ᠡ᠃
ᠡᠷᠲᠡᠮ ᠲᠡᠢ ᠬᠥᠮᠦᠨ ᠳᠠᠯᠠᠢ
ᠡᠷᠲᠡᠮ ᠦᠭᠡᠢ ᠬᠥᠮᠦᠨ ᠪᠠᠯᠠᠢ᠃
ᠡᠷᠲᠡᠮ ᠊ᠢ ᠡᠬᠢᠨ ᠡᠴᠡ
ᠡᠪ ᠊ᠢ ᠡᠷᠲᠡᠬᠡᠨ ᠡᠴᠡ᠃
ᠠ ᠦᠰᠦᠭ ᠡᠷᠲᠡᠮ ᠦ᠋ᠨ ᠳᠡᠭᠡᠵᠢ
ᠠᠶᠠᠬ᠋᠎ᠠ ᠴᠠᠢ ᠢᠲᠡᠭᠡᠨ ᠪ ᠳᠡᠭᠡᠵᠢ᠃
ᠡᠷᠭᠢᠨ ᠳᠠᠬᠢᠨ ᠳᠠᠪᠳᠠᠪᠠᠯ
ᠡᠷᠲᠡᠮ ᠰᠤᠷᠬᠤ ᠳᠤ ᠳᠦᠭᠦᠮ᠃
ᠵᠠᠯᠠᠭᠤ ᠪᠠᠬ᠋᠎ᠠ ᠳ᠋ᠠᠭᠠᠨ ᠰᠤᠷᠬᠤ ᠦᠭᠡᠢ ᠪᠣᠯ
ᠥᠲᠡᠯᠦᠭᠰᠡᠨ ᠬᠣᠶ᠋ᠢᠨ᠎ᠠ ᠪᠠᠨ ᠭᠡᠮᠰᠢᠯ ᠲᠡᠢ᠃
ᠣᠨᠢᠰᠣᠬ᠋᠎ᠠ
ᠮᠠᠨ ᠪ ᠡᠨᠲᠡ ᠮᠠᠨᠠᠨ ᠲᠠᠲᠠᠵᠤ᠂
ᠮᠠᠩᠭᠤᠰ ᠦ᠋ᠨ ᠳᠣᠯᠣᠭᠠᠢ ᠳᠤ ᠲᠥᠢᠮᠡᠷ ᠰᠢᠲᠠᠨ᠎ᠠ᠃
( ᠭᠠᠩᠰᠠ ᠪᠠᠷ ᠲᠠᠮᠠᠬᠢ ᠳᠠᠳᠠᠬᠤ )
ᠲᠠᠯ᠎ᠠ ᠳᠡᠭᠡᠷ᠎ᠡ ᠳᠠᠶ᠋ᠢᠪᠢᠩ᠂
ᠲᠠᠰᠢᠭᠤᠷ ᠦᠭᠡᠢ ᠭᠣᠶ᠋ᠢᠪᠢᠩ᠂
ᠬᠥᠨᠲᠡᠢ ᠳᠤ ᠲᠠᠶ᠋ᠢᠪᠢᠩ᠂
ᠬᠥᠯ ᠦᠭᠡᠢ ᠭᠣᠶ᠋ᠢᠪᠢᠩ᠃
( ᠳᠠᠷᠠᠰᠤ )
ᠪᠢᠲᠡᠭᠦᠦ ᠯᠣᠩᠬᠣᠨ ᠳᠤ ᠬᠣᠶᠠᠷ ᠶᠠᠩᠵᠤ ᠶ᠋ᠢᠨ ᠲᠣᠰᠣ ᠲᠠᠢ᠃
( ᠥᠨᠲᠡᠭᠡ )
ᠠᠷᠪᠠᠨ ᠬᠣᠶᠠᠷ ᠥᠷᠲᠡᠭᠡ ᠲᠡᠢ
ᠥᠷᠲᠡᠭᠡ ᠪᠦᠷᠢ ᠬᠡᠮᠵᠢᠶ᠎ᠡ ᠲᠡᠢ
ᠠᠯᠪᠠᠨ ᠪ ᠬᠣᠶᠠᠷ ᠡᠯᠴᠢ ᠲᠡᠢ
ᠡᠯᠴᠢ ᠪᠦᠷᠢ ᠲᠤᠰᠢᠶᠠᠯ ᠲᠠᠢ᠃
(ᠴᠠᠭ )
ᠮᠥᠰᠥᠨ ᠳᠡᠭᠡᠷ᠎ᠡ ᠮᠥᠩᠭᠥᠨ ᠠᠶᠠᠬ᠋᠎ᠠ
(ᠰᠠᠷ᠎ᠠ )
ᠢᠷᠡᠯᠲᠡ ᠄
ᠲᠠᠪᠤᠨ ᠵᠢᠯ ᠦᠨ ᠲᠦᠷᠢᠮᠳᠦ ᠪᠠᠭ᠎ᠠ ᠰᠤᠷᠭᠠᠭᠤᠯᠢ ᠳᠤ ᠦᠵᠡᠬᠦ
ᠬᠡᠯᠡ ᠪᠢᠴᠢᠭ ᠶᠢᠰᠦᠳᠦᠭᠡᠷ ᠲᠡᠪᠳᠡᠷ ※
ᠦᠪᠦᠷ ᠮᠤᠩᠭᠤᠯ ᠤᠨ ᠰᠤᠷᠭᠠᠨ ᠬᠦᠮᠦᠵᠢᠯ ᠦᠨ ᠬᠡᠪᠯᠡᠯ ᠦᠨ ᠬᠤᠷᠢᠶ᠎ᠠ ᠨᠠᠢᠢᠷᠠᠭᠤᠯᠤᠨ ᠬᠡᠪᠯᠡᠭᠦᠯᠪᠡ
ᠦᠪᠦᠷ ᠮᠤᠩᠭᠤᠯ ᠤᠨ ᠰᠢᠨᠬᠤᠸᠠ ᠨᠤᠮ ᠤᠨ ᠲᠡᠯᠭᠡᠭᠦᠷ ᠲᠠᠷᠬᠠᠭᠠᠪᠠ
ᠦᠪᠦᠷ ᠮᠤᠩᠭᠤᠯ ᠤᠨ ᠮᠤᠩᠭᠤᠯ ᠪᠢᠴᠢᠭ ᠬᠡᠪᠯᠠᠬᠦ ᠦᠢᠯᠡᠳᠪᠦᠷᠢ ᠬᠡᠪᠯᠡᠪᠡ
1981 ᠤᠨ ᠤ 5 ᠰᠠᠷ᠎ᠠ ᠳᠤ ᠬᠤᠶᠠᠳᠤᠭᠠᠷ ᠬᠡᠪ ᠢ ᠬᠢᠪᠡ
1984 ᠤᠨ ᠤ 4 ᠰᠠᠷ᠎ᠠ ᠳᠤ ᠲᠦᠷᠪᠡᠳᠦᠭᠡᠷ ᠤᠳᠠᠭ᠎ᠠ ᠶ᠋ᠢᠨ ᠬᠡᠪᠯᠡᠯ ᠡᠴᠡ ᠰᠣᠩᠭᠣᠪᠠ ᠃
ᠦᠰᠦᠭ ᠠᠮᠢᠯᠠᠭᠤᠯᠤᠭᠴᠢ ᠄ ᠦᠵᠢᠶᠡᠳ · ᠡᠷᠳᠡᠨᠢᠴᠡᠴᠡᠭ
ᠬᠢᠨᠠᠭᠴᠢ ᠄ ᠣᠤᠠᠬᠠᠨᠰᠣ᠎ᠠ ᠂ ᠲᠣ᠋ · ᠨᠠᠨᠲᠢᠨ
2023.3.17
