ᠴᠤᠩᠬᠤ - ᠲ ᠂ ᠭᠣᠮᠪᠣᠵᠠᠪ Цонх - Т ᠂ Гомбожав
ᠪᠢ ᠴᠣᠩᠬᠣ ᠪᠠᠷ ᠢᠶ᠋ᠠᠨ ᠬᠠᠷᠠᠶ᠋ᠢᠯᠠ
ᠡᠬᠡ ᠭᠠᠵᠠᠷ
ᠵᠢᠪᠡᠷᠡᠭᠰᠡᠨ ᠫᠤᠤ ᠶ᠋ᠢᠨ ᠠᠮᠠᠨ ᠬᠥᠨᠳᠡᠢ ᠪᠡᠷ
ᠵᠠᠯᠠᠭᠤᠬᠠᠨ ᠨᠢᠭᠡ ᠰᠤᠮᠤ ᠪᠠᠨ ᠬᠠᠷᠪᠤᠯ᠎ᠠ
ᠠᠭᠤᠯᠠᠰ ᠤᠳ
ᠣᠭᠣ ᠯᠠ ᠦᠷᠭᠦᠭᠰᠡᠨ ᠠᠳᠤᠭᠤᠳ ᠰᠢᠭ᠋ ᠭᠡᠳᠡᠷᠭᠦ ᠪᠡᠨ ᠭᠦᠶᠦᠯᠳᠦᠨ
ᠤᠳᠤ ᠴᠡᠴᠡᠭᠯᠡᠭᠰᠡᠨ ᠲᠡᠭᠷᠢ
ᠣᠭᠴᠣᠷ ᠤᠨ ᠢᠶ᠋ᠠᠨ ᠲᠣᠪᠴᠢ ᠶ᠋ᠢ ᠨᠢᠭᠡ ᠨᠢᠭᠡ ᠪᠠᠷ ᠠᠯᠳᠠᠷᠠᠭᠠᠨᠠ ᠪᠢᠯᠡ
ᠣᠢ ᠰᠢᠭᠤᠢ ᠨᠠᠳᠠᠳᠤ
ᠣᠶ᠋ᠢᠷᠠᠬᠠᠨ ᠬᠠᠷᠠᠭᠳᠠᠯ᠎ᠠ ᠡ !
ᠮᠢᠨᠤ ᠰᠣᠩᠭᠣᠯᠲᠠ
ᠲᠣᠩ ᠣᠯᠠᠨ ᠵᠠᠮ ᠵᠤᠷᠠᠶ᠋ᠢᠨᠠ
ᠪᠢ ᠂ ᠲᠣᠯᠣᠭᠠᠢ ᠪᠠᠨ ᠰᠠᠵᠢᠯᠠ
ᠲᠣᠷᠭᠠᠨ ᠢᠷ ᠲᠡᠢ ᠬᠠᠳᠠᠳ ᠰᠡᠬᠦᠢᠯᠴᠡᠨᠡ
ᠪᠢ ᠂ ᠰᠡᠳᠬᠢᠯ ᠢᠶ᠋ᠡᠨ ᠳᠣᠬᠢᠯ᠎ᠠ ᠁
ᠨᠠᠷᠠ ᠬᠬᠢᠷᠲᠥᠭᠰᠡᠨ ᠡᠳᠦᠷ
ᠰᠠᠷ᠎ᠠ ᠮᠢᠨᠢ ᠠ᠋
ᠭᠡᠷᠡᠯ ᠳ᠋ᠦ᠍ ᠴᠢᠨᠢ ᠳᠠᠭᠤᠯᠠᠵᠤ ᠳᠠᠳᠤᠭᠰᠠᠨ ᠵᠢᠷᠦᠬᠡ ᠶ᠋ᠢ ᠂ ᠭᠡᠨᠡᠳᠲᠡ
ᠭᠡᠭᠡ ᠵᠠᠯᠭᠢᠭᠰᠠᠨ ᠰᠡᠭᠦᠳᠡᠷ ᠴᠢᠨᠢ ᠳᠠᠷᠤᠯ᠎ᠠ
ᠪᠢ ᠬᠡᠷᠬᠢᠬᠦ ᠪᠢᠯᠡ
ᠬᠥᠮᠦᠰ ᠦᠨ ᠰᠡᠳᠬᠢᠯ
ᠬᠦ᠋ ᠲᠦᠷᠬᠢᠭᠰᠡᠨ ᠰᠢᠯ ᠤᠳ ᠤᠨ ᠨᠠᠭᠠᠨ᠎ᠠ ᠠᠭᠰᠢᠨ ᠴᠡᠷᠴᠡᠵᠤ
ᠬᠦᠷᠳᠦ ᠡᠯᠡᠭᠡᠭᠰᠡᠨ ᠵᠠᠮ ᠤᠨ ᠨᠢᠷᠤᠭᠤ ᠪᠠᠷ
ᠬᠦᠢᠲᠡᠨ ᠴᠢᠷᠠᠢ ᠲᠠᠢ ᠶᠠᠪᠠᠭᠠᠨ ᠳᠤᠮᠤᠭ ᠤᠳ ᠦᠶᠡᠷᠯᠡᠨ᠎ᠡ
ᠠᠯᠤᠰ ᠤᠨ ᠬᠥᠳᠡᠭᠡ ᠳ᠋ᠦ᠍
ᠠᠶ᠋ᠢᠯ ᠤᠨ ᠡᠷᠡᠴᠦᠳ ᠭᠠᠳᠤᠷ᠎ᠠ ᠳᠡᠯᠡᠳᠦᠨ
ᠠᠭᠠᠷ ᠦᠭᠡᠳᠡ ᠬᠠᠰᠬᠢᠷᠤᠯᠴᠠᠨᠠ ᠪᠢᠯᠡ
ᠡᠴᠦᠰ ᠳᠡᠭᠡᠨ ᠪᠢ
ᠡᠬᠡ ᠪᠢᠴᠢᠭ ᠦᠨ ᠢᠶ᠋ᠠᠨ ᠴᠠᠭᠠᠰᠤᠨ ᠳᠡᠭᠡᠷ᠎ᠡ
ᠭᠡᠷᠡᠯ ᠲᠡᠢ ᠭᠡᠷᠡᠯ ᠦᠭᠡᠢ ᠭᠤᠷᠪᠠᠨ ᠪᠥᠮᠪᠥᠭᠡ ᠶ᠋ᠢ
ᠨᠢᠭᠡᠬᠡᠨ ᠱᠤᠭᠤᠮ ᠳᠡᠭᠡᠷ᠎ᠡ ᠬᠡᠯᠬᠢᠵᠦ ᠨᠠᠭᠠᠳᠤᠯ᠎ᠠ ᠡ
ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌
< ᠢᠷᠡᠬᠦ ᠵᠠᠭᠤᠨ ᠤ ᠬᠣᠩᠬᠣᠨ ᠳᠠᠭᠤᠨ > ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ : ᠴᠣᠯᠮᠣᠨᠲᠦᠶᠠᠭ᠎ᠠ
2023᠂ 5᠂ 6
