3-03ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ-ᠪᠠᠤᠠᠭᠠᠨ ᠡᠪᠡᠳᠴᠢᠨ ᠊ᠢ ᠵᠠᠰᠠᠬᠤ
ᠪᠠᠤᠠᠭᠠᠨ ᠡᠪᠡᠳᠴᠢᠨ ᠊ᠢ ᠵᠠᠰᠠᠬᠤ
ᠰᠢᠯᠲᠠᠭᠠᠨ ᠠᠨᠤ ᠦᠯᠦ ᠤᠬᠠᠬᠤ ᠮᠤᠩᠬᠠᠭ ᠠ᠋ᠴᠠ ᠪᠣᠯᠬᠤ ᠪᠥᠭᠡᠳ ᠤᠷᠢᠳ ᠢᠲᠡᠭᠰᠡᠨ ᠨᠢ ᠰᠢᠩᠭᠡᠯ ᠦᠭᠡᠢ ᠳᠠᠬᠢᠨ ᠢᠲᠡᠭᠰᠡᠨ ᠪᠠ ᠡᠳᠦᠷ ᠤᠨᠲᠠᠬᠤ ᠂ ᠮᠢᠬ᠎ᠠ ᠂ ᠲᠣᠰᠣ ᠂ ᠲᠦᠭᠦᠬᠡᠢ ᠂ ᠢᠯᠵᠢᠷᠡᠭᠰᠡᠨ ᠊ᠢ ᠶᠡᠬᠡ ᠢᠲᠡᠭᠰᠡᠨ ᠪᠠ ᠬᠦᠢᠲᠡᠨ ᠴᠢᠭᠢᠭ ᠲᠡᠢ ᠭᠠᠵᠠᠷ ᠬᠡᠪᠲᠡᠬᠦ ᠂ ᠶᠠᠪᠤᠳᠠᠯ ᠮᠥᠷ ᠡᠰᠡ ᠵᠣᠬᠢᠯᠳᠤᠭᠰᠠᠨ ᠠ᠋ᠴᠠ ᠪᠣᠯᠤᠭᠰᠠᠨ ᠪᠠᠤᠠᠭᠠᠨ ᠡᠪᠡᠳᠴᠢᠨ ᠊ᠢ ᠵᠠᠰᠠᠬᠤᠢ ᠳ᠋ᠤᠷ ᠂ ᠶᠡᠷᠦ ᠶ᠋ᠢᠨ ᠡᠮ ᠄ ᠵᠠ ᠭᠠ ᠂ ᠠᠷᠤᠷ᠎ᠠ ᠂ ᠵᠠᠮᠼᠤᠸᠠ ᠂ ᠪᠢᠪᠢᠯᠢᠩ ᠂ ᠺᠡᠷᠤᠼᠤᠸᠠ ᠲᠠᠪᠤ ᠶ᠋ᠢᠨ ᠳᠠᠩ ᠊ᠢ ᠪᠤᠴᠠᠯᠭᠠᠨ ᠥᠭ ᠃ ᠬᠠᠷ᠎ᠠ ᠭᠠᠷᠤᠳᠢ —5 ᠳᠠᠩ ᠢ᠋ᠶ᠋ᠠᠷ ᠬᠦᠢᠲᠡᠨ ᠪᠠᠤᠠᠭᠠᠨ ᠊ᠢ ᠠᠷᠢᠯᠭᠠᠨ᠎ᠠ ᠃ ᠪᠠᠰᠠ ᠶᠡᠷᠦ ᠶ᠋ᠢᠨ ᠡᠮ ᠄ ᠰᠸᠪᠥ᠋ᠷᠦ ᠂ ᠰᠢᠩᠼᠠ ᠂ ᠰᠦᠭᠮᠸᠯ ᠂ ᠭᠠ ᠂ ᠪᠢᠪᠢᠯᠢᠩ ᠂ ᠫᠣᠸᠠᠷᠢ ᠂ ᠵᠠᠮᠼᠤᠸᠠ ᠂ ᠰᠸᠼᠤᠸᠠᠨ ᠂ ᠦᠰᠥ᠋ ᠂ ᠵᠢᠳᠠᠩᠭ᠎ᠠ ᠂ ᠽᠢᠳᠷᠠᠭ᠎ᠠ ᠂ ᠠᠷᠤᠷ᠎ᠠ ᠶ᠋ᠢᠨ ᠦᠨᠡᠰᠦ ᠂ ᠶᠣᠯᠣ ᠶ᠋ᠢᠨ ᠪᠠᠭᠠᠰᠤ ᠂ ᠬᠤᠵᠢᠷ ᠂ ᠲᠣᠭᠰᠢᠨ ᠨᠣᠮᠣᠬᠠᠳᠬᠠᠭᠰᠠᠨ ᠵᠣᠩᠰᠢ ᠂ ᠴᠠᠭᠠᠨ ᠯᠤᠤᠪᠠᠩ ᠤ᠋ᠨ ᠦᠨᠡᠰᠦ ᠂ ᠫᠠᠭᠷᠢᠯᠲ᠋ᠠᠯ ᠂ ᠼᠠᠯᠨ ( ᠨᠣᠮᠣᠬᠠᠳᠬᠠᠭᠰᠠᠨ ) ᠂ ᠠᠯᠲᠠᠨᠴᠡᠴᠡᠭ ᠂ ᠳ᠋ᠦ᠋ᠭ᠌ᠮᠦᠨᠢᠤᠩ ᠂ ᠳ᠋ᠤᠮᠷᠾᠢ ᠂ ᠠᠷᠤᠷ᠎ᠠ ᠂ ᠮᠥᠰᠥᠨ ᠰᠢᠬᠢᠷ ᠂ ᠳ᠋ᠠᠯᠢ ᠬᠣᠶᠠᠷ ᠊ᠢ ᠡᠷᠬᠢᠮ ᠪᠣᠯᠭᠠᠵᠤ ᠂ ᠪᠤᠰᠤᠳ ᠊ᠢ ᠬᠤᠪᠢ ᠲᠠᠭᠰᠢ ᠨᠠᠶ᠋ᠢᠷᠠᠭᠤᠯ ᠃ ᠭᠦᠷᠭᠦᠮ ᠂ ᠵᠤᠭᠠᠩ ᠬᠣᠶᠠᠷ ᠊ᠢ ᠥᠴᠦᠬᠡᠨ ᠨᠡᠮᠡᠭᠰᠡᠨ ᠬᠥᠬᠡ ᠯᠤᠤ —26 ᠂ ᠡᠨᠡ ᠨᠢ ᠴᠠᠶ᠋ᠢᠪᠤᠷ ᠪᠣᠷᠣ ᠪᠠᠤᠠᠭᠠᠨ ᠢ᠋ᠶ᠋ᠠᠷ ᠬᠣᠭᠣᠯᠠᠢ ᠬᠠᠭᠠᠭᠳᠠᠬᠤ ᠂ ᠠᠶᠤᠤᠯᠢᠬᠠᠢ ᠶ᠋ᠢᠨ ᠪᠡᠲᠡᠭᠢ ᠲᠡᠷᠢᠭᠦᠲᠡᠨ ᠪᠦᠬᠦᠨ ᠳ᠋ᠦ᠍ ᠷᠠᠰᠢᠶᠠᠨ ᠮᠡᠲᠦ ᠶ᠋ᠢ ᠠᠮᠲᠠᠯᠠᠨ ᠪᠦᠲᠦᠭᠡᠪᠡ ᠃ ᠪᠠᠰᠠ ᠠᠷᠤᠷ᠎ᠠ ᠂ ᠳ᠋ᠤᠮᠷᠾᠢ ᠂ ᠰᠸᠪᠦᠷᠦ ᠂ ᠰᠢᠩᠼᠠ ᠂ ᠰᠦᠭᠮᠸᠯ ᠂ ᠪᠢᠪᠢᠯᠢᠩ ᠂ ᠲᠡᠮᠡᠭᠡᠨ ᠬᠥᠬᠥ ᠂ ᠵᠠᠮᠼᠤᠸᠠ ᠂ ᠠᠯᠲᠠᠨᠴᠡᠴᠡᠭ ᠂ ᠫᠠᠭᠷᠢᠯᠲ᠋ᠠᠯ ᠂ ᠽᠠᠳᠢ ᠂ ᠭᠠ ᠂ ᠮᠥᠰᠥᠨ ᠰᠢᠬᠢᠷ ᠂ ᠫᠠᠭᠷᠢᠯᠲ᠋ᠠᠯ ᠊ᠢ ᠡᠷᠬᠢᠮ ᠪᠣᠯᠭᠠᠵᠤ ᠂ ᠪᠤᠰᠤᠳ ᠊ᠢ ᠬᠤᠪᠢ ᠳᠠᠭᠱᠠ ᠨᠠᠶ᠋ᠢᠷᠠᠭᠤᠯ ᠃ ᠡᠨᠡ ᠬᠦ ᠴᠠᠭᠠᠨ ᠠᠷᠰᠯᠠᠨ —14 ᠨᠢ ᠮᠥᠨ ᠴᠦ᠍ ᠪᠠᠤᠠᠭᠠᠨ ᠡᠪᠡᠳᠴᠢᠨ ᠊ᠢ ᠠᠷᠢᠯᠭᠠᠮᠤᠢ ᠃
ᠳᠣᠭᠰᠢᠨ ᠨᠣᠮᠣᠬᠠᠳᠬᠠᠭᠰᠠᠨ ᠵᠣᠩᠰᠢ ᠂ ᠠᠷᠤᠷ᠎ᠠ ᠂ ᠪᠢᠪᠢᠯᠢᠩ ᠂ ᠳᠡᠰ ᠦ᠋ᠨ ᠪᠠᠭᠠᠰᠤ ᠶ᠋ᠢ ᠨᠠᠶ᠋ᠢᠷᠠᠭᠤᠯᠤᠨ ᠮᠥᠰᠥᠨ ᠰᠢᠬᠢᠷ ᠢ᠋ᠶ᠋ᠡᠷ ᠬᠥᠯᠭᠡᠯᠡᠪᠡᠯ ᠢᠩᠭᠢᠪᠡᠯ ᠡᠰᠡ ᠰᠢᠩᠭᠡᠬᠦ ᠠᠶᠤᠤᠯᠢᠬᠠᠢ ᠶ᠋ᠢᠨ ᠪᠡᠲᠡᠭᠢ ᠶ᠋ᠢ ᠦᠨᠡᠰᠦᠨ ᠲᠣᠪᠷᠠᠭ ᠪᠣᠯᠭᠠᠮᠤᠢ ᠃ ᠭᠠᠯᠵᠠᠭᠤ ᠪᠠᠷᠰ —4 ᠢᠨᠦ ᠮᠢᠨᠦ ᠵᠢᠷᠦᠬᠡᠨ ᠡᠷᠳᠡᠨᠢ ᠮᠥᠨ ᠪᠣᠯᠠᠢ ᠃
ᠪᠠᠤᠠᠭᠠᠨ ᠊ᠢ ᠪᠥᠭᠡᠯᠵᠢᠭᠦᠯᠬᠦ ᠶ᠋ᠢ ᠬᠦᠰᠡᠪᠡᠰᠦ ᠄ ᠰᠠᠢᠨ ᠵᠣᠩᠰᠢ ᠂ ᠲᠦᠯᠡᠭᠰᠡᠨ ᠳᠠᠪᠤᠰᠤ ᠂ ᠴᠢᠯᠠᠭᠤᠨ ᠦᠨᠡᠰᠦ ᠶ᠋ᠢ ᠳᠠᠪᠤᠰᠤ ᠲᠠᠢ ᠤᠰᠤ ᠪᠠᠷ ᠣᠯᠠᠨᠲᠠ ᠤᠤᠭᠤᠪᠠᠰᠤ ᠡᠪᠡᠳᠴᠢᠨ ᠦ᠌ ᠤᠷᠬᠠᠭ ᠊ᠢ ᠪᠥᠭᠡᠯᠵᠢᠭᠦᠯᠦᠨ ᠭᠠᠷᠭᠠᠮᠤᠢ ᠃ ᠳᠣᠭᠣᠯᠭᠠᠬᠤ ᠶ᠋ᠢ ᠬᠦᠰᠡᠪᠡᠰᠦ ᠳᠡᠭᠡᠷᠡᠬᠢ ᠰᠢᠷ᠎ᠠ ᠶ᠋ᠢᠨ ᠲᠤᠭᠤᠯᠪᠤᠷᠢ ᠵᠣᠬᠢᠰᠲᠠᠢ ᠃ ᠭᠤᠷᠪᠠᠨ ᠬᠣᠣᠷ ᠠ᠋ᠴᠠ ᠪᠣᠯᠤᠭᠰᠠᠨ ᠬᠡᠢ ᠰᠢᠷ᠎ᠠ ᠪᠠᠤᠠᠭᠠᠨ ᠭᠤᠷᠪᠠ ᠶ᠋ᠢ ᠡᠪᠡᠳᠴᠢᠨ ᠪᠦᠬᠦᠨ ᠦ᠌ ᠰᠠᠭᠤᠷᠢᠨ ᠳ᠋ᠤᠷ ᠠᠶ᠋ᠢᠯᠠᠲᠤᠭᠰᠠᠨ ᠲᠤᠯᠠᠳᠠ ᠂ ᠲᠡᠷᠡ ᠭᠤᠷᠪᠠ ᠳ᠋ᠤᠷ ᠶᠡᠷᠦᠨᠳᠡᠭ ᠡᠮ ᠨᠠᠶ᠋ᠢᠷᠠᠯᠭ᠎ᠠ ᠳᠠᠯᠠᠢ ᠮᠡᠲᠦ ᠡᠴᠡ ᠤᠰᠤᠨ ᠳᠤᠰᠤᠯ ᠤ᠋ᠨ ᠲᠡᠳᠦᠢ ᠠᠮᠲᠠᠰᠢᠯᠠᠭᠰᠠᠨ ᠊ᠢ ᠨᠠᠶ᠋ᠢᠷᠠᠯᠭ᠎ᠠ ᠪᠣᠯᠭᠠᠨ ᠵᠢᠭᠲᠡᠯᠡᠪᠡᠢ ᠃ ᠭᠡᠪᠡᠴᠦ ᠣᠭᠲᠠᠷᠭᠤᠢ ᠳᠦᠭᠦᠷᠡᠩ ᠣᠳᠣ ᠰᠠᠷᠠᠨ ᠊ᠢ ᠬᠣᠶᠠᠷ ᠨᠢᠳᠦᠨ ᠲᠡᠳᠦᠢ ᠪᠡᠷ ᠲᠣᠳᠣᠳᠬᠠᠨ ᠦᠵᠡᠭᠦᠴᠢᠯᠡᠨ ᠂ ᠬᠡᠢ ᠰᠢᠷ᠎ᠠ ᠪᠠᠤᠠᠭᠠᠨ ᠭᠤᠷᠪᠠ ᠶ᠋ᠢ ᠠᠨᠠᠭᠠᠬᠤ ᠨᠠᠶ᠋ᠢᠷᠠᠯᠭ᠎ᠠ ᠡᠭᠦᠨ ᠊ᠢ ᠪᠠᠷᠢᠯᠳᠤᠭᠤᠯᠤᠭᠰᠠᠨ ᠬᠢᠷᠢ ᠪᠡᠷ ᠡᠪᠡᠳᠴᠢᠨ ᠦ᠌ ᠭᠣᠣᠯ ᠊ᠢ ᠪᠠᠷᠢᠨ ᠴᠢᠳᠠᠬᠤ ᠪᠠᠭ᠎ᠠ ᠪᠤᠰᠤ ᠪᠣᠯᠠᠢ ᠃
ᠦᠰᠦᠭ ᠠᠮᠢᠯᠠᠭᠤᠯᠤᠭᠴᠢ ᠄ ᠱᠠᠭᠰᠠᠯ
ᠬᠢᠨᠠᠭᠴᠢ ᠄ ᠣᠤᠠᠬᠠᠨᠰᠣ ᠠ᠋
