ᠬᠠᠯᠢᠭᠤᠲᠤ ᠶ᠋ᠢᠨ ᠳᠤᠤᠯᠢᠶᠠᠨ- ᠲᠤᠯᠭᠠᠷᠠᠮХалиутын дуулиан-тулгарам ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠯᠢᠭᠤᠲᠤ ᠶ᠋ᠢᠨ ᠳᠤᠤᠯᠢᠶᠠᠨ- ᠲᠤᠯᠭᠠᠷᠠᠮХалиутын дуулиан-тулгарам

ᠬᠠᠯᠢᠭᠤᠲᠤ ᠶ᠋ᠢᠨ ᠳᠤᠤᠯᠢᠶᠠᠨ- ᠲᠤᠯᠭᠠᠷᠠᠮХалиутын дуулиан-тулгарам

ᠠᠩᠭᠢᠯᠠᠯ:ᠳᠠᠭᠤᠤ ᠬᠥᠭᠵᠢᠮ
2023-05-06

272

ᠬᠠᠯᠢᠭᠤᠲᠤ ᠶ᠋ᠢᠨ ᠳᠤᠤᠯᠢᠶᠠᠨ

     ᠲᠤᠯᠭᠠᠷᠠᠮ 
 ᠬᠠᠯᠢᠭᠤᠲᠤ ᠭᠣᠣᠯ ᠨᠡᠷ᠎ᠡ ᠪᠡᠨ ᠬᠠᠮᠤᠭ ᠣᠯᠠᠨ ᠳ᠋ᠠᠭᠠᠨ ᠳᠠᠭᠤᠳᠠᠭᠤᠯᠵᠤ
ᠬᠠᠯᠢᠭᠤᠨ ᠵᠢᠰᠦᠮ ᠦ᠋ᠨ ᠮᠣᠷᠢᠳ ᠢ᠋ᠶ᠋ᠠᠨ ᠬᠠᠳᠠᠨ ᠳ᠋ᠤ᠌ ᠰᠡᠶ᠋ᠢᠯᠦᠭᠰᠡᠨ ᠰᠢᠭ ᠲᠡᠦᠬᠡᠯᠡᠨ ᠃
ᠲᠠᠰᠢᠶᠠᠨᠲᠤ ᠠᠭᠤᠯᠠ ᠶ᠋ᠢᠨ ᠢ᠋ᠶ᠋ᠡᠨ ᠥᠨᠳᠥᠷ ᠲᠦ᠍
ᠲᠠᠪᠢᠯᠠᠩ ᠵᠠᠶᠠᠭ᠎ᠠ ᠪᠠᠨ ᠬᠡᠶ᠋ᠢᠮᠣᠷᠢᠯᠠᠵᠤ
ᠲᠠᠩᠰᠤᠭ ᠤᠷᠠᠳ ᠤ᠋ᠨ ᠮᠢᠨᠢ ᠰᠠᠢᠬᠠᠨ ᠨᠤᠲᠤᠭ
ᠲᠠ ᠪᠢᠳᠡᠨ ᠦ᠌ ᠳᠠᠷᠬᠠᠨ ᠥᠯᠥᠭᠡᠢ ᠃
ᠵᠠᠬ᠎ᠠ ᠶ᠋ᠢᠨ ᠪᠤᠯᠠᠭ ᠤ᠋ᠨ ᠤᠰᠤ ᠪᠠᠷ ᠢ᠋ᠶ᠋ᠠᠨ ᠵᠢᠷᠠᠨ ᠵᠢᠷᠠᠨ ᠤᠮᠳᠠᠯᠠᠵᠤ
ᠵᠢᠷᠭᠠᠯᠠᠩᠲᠤ ᠬᠠᠯᠢᠭᠤᠲᠤ ᠶ᠋ᠢᠨ ᠬᠥᠷᠥᠰᠥᠨ ᠳ᠋ᠦ᠍ ᠵᠠᠰᠠᠭ ᠤ᠋ᠨ ᠲᠤᠭ ᠢ᠋ᠶ᠋ᠠᠨ ᠮᠠᠨᠳᠤᠭᠤᠯᠤᠭᠰᠠᠨ 
ᠡᠪᠦᠭᠡᠳ ᠦ᠋ᠨ ᠮᠢᠨᠢ ᠤᠯᠠᠮᠵᠢᠯᠠᠭᠰᠠᠨ ᠰᠤᠳᠤᠷ
ᠥᠨᠢ ᠮᠥᠩᠬᠡ ᠶ᠋ᠢᠨ ᠥᠪ ᠰᠣᠶᠣᠯ ᠲᠠᠢ
ᠡᠮᠡᠭᠡᠳ ᠦ᠋ᠨ ᠮᠢᠨᠢ ᠬᠠᠶ᠋ᠢᠷᠠᠯᠠᠭᠰᠠᠨ ᠰᠤᠷᠭᠠᠯ
ᠡᠭᠦᠷᠢᠳᠡ ᠰᠠᠬᠢᠬᠤ ᠵᠢᠷᠤᠮ ᠳᠠᠳᠬᠠᠯ ᠲᠠᠢ 
ᠠᠪᠤ ᠶ᠋ᠢᠨ ᠮᠢᠨᠢ ᠤᠬᠠᠭᠠᠨ ᠢ᠋ᠶ᠋ᠠᠷ ᠰᠣᠷᠢᠭᠰᠠᠨ
ᠠᠭᠰᠤᠮ ᠬᠦᠯᠦᠭ ᠦ᠋ᠨ ᠳᠡᠭᠦᠯᠢᠨ ᠲᠡᠢ
ᠠᠬ᠎ᠠ ᠶ᠋ᠢᠨ ᠮᠢᠨᠢ ᠵᠣᠳᠣᠭᠯᠠᠭᠰᠠᠨ ᠵᠢᠪᠬᠤᠭ᠎ᠠ ᠪᠠᠷ
ᠣᠮᠣᠭᠯᠠᠩ ᠪᠥᠬᠡ ᠶ᠋ᠢᠨ ᠳᠡᠪᠢᠯᠭᠡᠨ ᠲᠡᠢ 
ᠡᠵᠢ ᠶ᠋ᠢᠨ ᠮᠢᠨᠢ ᠡᠷᠭᠦᠭᠰᠡᠨ ᠰᠠᠴᠤᠯᠢ
ᠡᠩᠬᠡ ᠮᠡᠨᠳᠦ ᠶ᠋ᠢᠨ ᠢᠷᠦᠭᠡᠯ ᠲᠡᠢ
ᠡᠭᠡᠴᠢ ᠶ᠋ᠢᠨ ᠮᠢᠨᠢ ᠤᠷᠠᠯᠠᠭᠰᠠᠨ ᠣᠶᠣᠳᠠᠯ
ᠤᠭᠠᠯᠵᠠᠨ ᠮᠣᠩᠭᠣᠯ ᠬᠡ ᠲᠡᠢ 
ᠠᠷᠢᠭᠤᠨ ᠦᠢᠯᠡᠰ ᠦ᠋ᠨ ᠠᠮᠵᠢᠯᠲᠠ ᠪᠠᠷ
ᠠᠰᠢᠳᠠ ᠬᠥᠭᠵᠢᠬᠦ ᠪᠡᠯᠭᠡᠳᠡᠯ ᠊ᠢ ᠵᠥᠩᠨᠡᠵᠦ
ᠠᠰᠠᠷ ᠲᠠᠭᠲᠤ ᠰᠦᠨᠳᠡᠷᠯᠡᠨ ᠪᠣᠰᠤᠭᠰᠠᠨ
ᠠᠮᠤᠭᠤᠯᠠᠩ ᠬᠠᠯᠢᠭᠤᠲᠤ ᠶ᠋ᠢᠨ ᠳᠤᠤᠯᠢᠶᠠᠨ 
ᠪᠤᠷᠬᠠᠨ ᠵᠠᠶᠠᠭᠠᠲᠤ ᠨᠤᠲᠤᠭ ᠤ᠋ᠨ ᠮᠢᠨᠢ ᠶᠢᠰᠦᠨ ᠬᠦᠰᠡᠯ ᠊ᠢ ᠲᠡᠭᠰᠢᠯᠡᠭᠰᠡᠨ
ᠪᠤᠭᠤᠷᠤᠯ ᠰᠠᠢᠬᠠᠨ ᠳᠡᠭᠡᠳᠦᠰ ᠦ᠋ᠨ ᠮᠢᠨᠢ ᠳᠠᠬᠢᠵᠤ ᠰᠠᠬᠢᠭᠰᠠᠨ ᠨᠤᠲᠤᠭ
ᠪᠣᠳᠣᠯ ᠤ᠋ᠨ ᠴᠡᠩᠬᠡᠷ ᠬᠠᠷᠭᠤᠢ ᠳ᠋ᠤ᠌ ᠡᠩᠬᠡ ᠲᠠᠶ᠋ᠢᠪᠤᠩ ᠊ᠢ ᠢᠷᠦᠭᠡᠵᠦ
ᠪᠤᠶᠠᠨᠲᠤ ᠥᠯᠥᠭᠡᠢ ᠬᠠᠯᠢᠭᠤᠲᠤ ᠮᠢᠨᠢ ᠪᠠᠳᠮᠠᠯᠠᠭᠰᠠᠨ ᠭᠡᠭᠡᠨ ᠵᠤᠯᠠ ᠶᠤᠮ ᠃

   ᠦᠰᠦᠭ ᠠᠮᠢᠯᠠᠭᠤᠯᠤᠭᠰᠠᠨ ᠄ ᠣᠤᠠᠬᠠᠨᠴᠡᠴᠡᠭ
   ᠬᠢᠨᠠᠭᠴᠢ ᠪᠠᠭᠰᠢ ᠄ ᠰᠡᠬᠡᠭᠡᠷᠡᠯ