ᠬᠠᠢᠭᠤᠯᠴᠢ ᠬᠠᠷᠠᠬᠦᠦ -ᠵᠠᠮᠠᠭᠠᠨ ᠤ ᠳᠡᠵᠢᠳХайгуулч хар хүү Дуучин МУСТА Жамганы Дэжид
ᠬᠠᠢᠭᠤᠯᠴᠢ ᠬᠠᠷᠠᠬᠦᠦ
ᠦᠭᠡ ᠄ ᠴ · ᡀᠠᠮᠣᠰᠦ᠋ᠷᠦᠩ
ᠠᠶ᠎ᠠ ᠄ ᠬ · ᠲᠠᠷᠮᠠᠵᠠᠭᠳᠠ
ᠳᠠᠭᠤᠴᠢᠨ ᠄ ᠵ · ᠳᠠᠵᠢᠳ
ᠥᠷᠥᠮᠡᠯ ᠬᠤᠳᠳᠤᠭ ᠤ᠋ᠨ ᠤᠰᠤ ᠶ᠋ᠢ ᠤᠤᠭᠤᠬᠤᠯᠠᠷ
ᠥᠨᠥᠬᠢ ᠬᠠᠷᠠᠬᠦᠦ ᠶ᠋ᠢᠨ ᠵᠢᠰᠦ ᠨᠢ
ᠬᠠᠷᠠᠭᠳᠠᠨ᠎ᠠ
ᠰᠡᠷᠭᠦᠯᠡᠩ ᠨᠢᠳᠦ ᠪᠡᠷ ᠢ᠋ᠶ᠋ᠡᠨ ᠰᠢᠷᠲᠡᠰᠬᠢᠨ ᠢᠨᠢᠶᠡᠭᠰᠡᠨ
ᠬᠠᠢᠷ᠎ᠠ ᠶ᠋ᠢᠨ ᠦᠭᠡ ᠨᠢ
ᠬᠠᠯᠠᠭᠤᠬᠠᠨ ᠳᠣᠲᠣᠨᠣ
ᠪᠢ ᠴᠢᠮᠠᠢ᠌ᠢ ᠠᠪᠤᠭᠠᠳ ᠶᠠᠪᠤᠬᠤ ᠤᠤ
ᠴᠢ ᠨᠠᠮᠠᠶ᠋ᠢ ᠠᠪᠤᠭᠠᠳ ᠦᠯᠡᠳᠡᠬᠦ ᠦᠦ
ᠢᠩᠭᠢᠵᠦ ᠬᠡᠯᠡᠭᠰᠡᠨ ᠬᠠᠷᠠᠬᠦᠦ ᠶ᠋ᠢᠨ ᠦᠭᠡ
ᠦᠷᠭᠦᠯᠵᠢ ᠨᠠᠳᠠ ᠳ᠋ᠤ᠌ ᠰᠠᠨᠠᠭᠳᠠᠭᠠᠳ
ᠪᠠᠢᠬᠤ ᠶᠤᠮ
ᠬᠣᠨᠢ ᠪᠠᠨ ᠤᠰᠤᠯᠠᠬᠤ ᠪᠠᠷ ᠬᠤᠳᠳᠤᠭ ᠳᠡᠭᠡᠷ᠎ᠡ ᠢᠷᠡᠬᠦ ᠳ᠋ᠦ᠍
ᠬᠣᠩᠭᠣᠷ ᠵᠢᠷᠦᠬᠡ ᠮᠢᠨᠢ ᠪᠤᠯᠭᠢᠯᠠᠭᠠᠳ ᠪᠠᠢᠬᠤ ᠶᠤᠮ
ᠬᠣᠢᠲᠠᠢ ᠨᠢ ᠢᠷᠡᠨ᠎ᠡ ᠭᠡᠳ ᠬᠠᠢᠭᠤᠯᠴᠢ ᠬᠠᠷᠠᠬᠦᠦ ᠶ᠋ᠢᠨ
ᠬᠣᠭᠣᠯᠠᠢ ᠨᠢ ᠵᠠᠩᠭᠢᠷᠠᠭᠰᠠᠨ ᠨᠢ ᠰᠠᠨᠠᠭᠳᠠᠭᠠᠳ ᠪᠠᠢᠬᠤ ᠶᠤᠮ
ᠪᠢ ᠴᠢᠮᠠᠢ᠌ᠢ ᠠᠪᠤᠭᠠᠳ ᠶᠠᠪᠤᠬᠤ ᠤᠤ
ᠴᠢ ᠨᠠᠮᠠᠶ᠋ᠢ ᠠᠪᠤᠭᠠᠳ ᠦᠯᠡᠳᠡᠬᠦ ᠦᠦ
ᠢᠩᠭᠢᠵᠦ ᠭᠤᠶᠤᠬᠤ ᠳ᠋ᠤ᠌ ᠨᠢ ᠬᠠᠷᠢᠭᠤ
ᠬᠡᠯᠡᠬᠦ ᠦᠭᠡᠢ
ᠢᠴᠢᠵᠦ ᠵᠣᠪᠠᠭᠠᠳ ᠬᠠᠷᠠᠴᠠ ᠪᠠᠨ ᠬᠣᠯᠠᠳᠠᠭᠤᠯᠤᠭᠰᠠᠨ ᠶᠤᠮ
ᠰᠢᠷᠠᠬᠤ ᠨᠠᠷᠠᠨ ᠳ᠋ᠤ᠌ ᠰᠢᠨᠲᠠᠷᠠᠵᠤ ᠬᠠᠷᠢᠯ ᠦᠭᠡᠢ
ᠱᠠᠭᠢᠬᠤ ᠪᠣᠷᠣᠭᠠᠨ ᠰᠠᠭᠠᠲᠠᠵᠤ ᠵᠣᠭᠰᠣᠯ ᠦᠭᠡᠢ
ᠭᠠᠵᠠᠷ ᠤ᠋ᠨ ᠬᠥᠷᠥᠰᠥᠨ ᠦ᠌ ᠰᠤᠳᠠᠰᠤ ᠶ᠋ᠢ ᠣᠯᠤᠭᠠᠳ
ᠭᠠᠩ ᠲᠠᠢ ᠦᠷᠦᠮ ᠢ᠋ᠶ᠋ᠡᠷ ᠢ᠋ᠶ᠋ᠡᠨ ᠤᠮᠳᠠ ᠶ᠋ᠢ ᠭᠠᠷᠭᠠᠭᠰᠠᠨ ᠶᠤᠮ
ᠪᠢ ᠴᠢᠮᠠᠢ᠌ᠢ ᠠᠪᠤᠭᠠᠳ ᠶᠠᠪᠤᠬᠤ ᠤᠤ
ᠴᠢ ᠨᠠᠮᠠᠶ᠋ᠢ ᠠᠪᠤᠭᠠᠳ
ᠦᠯᠡᠳᠡᠬᠦ ᠦᠦ
ᠳᠠᠷᠠᠭ᠎ᠠ ᠢᠷᠡᠬᠦ ᠳ᠋ᠦ᠍ ᠪᠡᠨ ᠢᠩᠭᠢᠵᠦ ᠭᠤᠶᠤᠪᠠᠯ ᠬᠥ
ᠲᠠᠵᠢᠭ ᠴᠤ᠌ ᠦᠭᠡᠢ ᠬᠠᠷᠢᠭᠤ ᠶ᠋ᠢ ᠨᠢ ᠥᠭᠭᠦᠨ᠎ᠡ ᠳᠡ
ᠦᠰᠦᠭ ᠬᠠᠲᠠᠵᠤ ᠠᠮᠢᠯᠠᠭᠤᠯᠤᠭᠰᠠᠨ ᠨᠢ ᠄ ᠬᠠᠷᠬᠠᠲᠠᠨ ᠷ · ᠴᠢᠷᠮᠠᠶ᠋ᠢᠯᠲᠤ
ᠬᠢᠨᠠᠭᠴᠢ ᠄ ᠠᠯᠲᠠᠠᠠᠭᠤᠯᠠ
